ᠨᠡᠪᠲᠡᠷᠡᠨ ᠤᠷᠤᠬᠤ
ᠭᠦᠳᠡᠭᠡ ᠶᠢᠨ ᠰᠠᠢ᠌ᠬᠠᠨ ᠱᠤᠩ ᠳᠡᠭᠡᠷ᠎ᠡ ᠡᠴᠡ

ᠨᠠᠮ᠎ᠠ ᠶᠢ ᠪᠠᠭ᠎ᠠ ᠪᠠᠢ᠌ᠬᠤ ᠳᠤ ᠮᠠᠨ ᠤ ᠨᠤᠳᠤᠭ ᠤᠨ ᠠᠢ᠌ᠯ ᠪᠣᠯᠭᠠᠨ ᠤ ᠡᠭᠦᠳᠡᠨ ᠵᠠᠮ ᠡᠴᠡ ᠵᠠᠢ᠌ᠳᠠᠭᠤᠬᠠᠨ ᠪᠠᠢ᠌ᠷᠢ ᠠᠪᠴᠤ ᠱᠤᠩ ᠪᠠᠢ᠌ᠳᠠᠭ᠃ ᠱᠤᠩ ᠭᠡᠳᠡᠭ᠌ ᠨᠢ ᠣᠨᠤᠵᠤ ᠭᠡᠷᠡᠭᠯᠡᠳᠡᠭ᠌ ᠠᠭᠳᠠ ᠮᠤᠷᠢ ᠪᠣᠶᠤ ᠭᠦᠯᠦᠰᠢᠨ ᠳᠤ ᠵᠠᠷᠤᠳᠠᠭ ᠱᠠᠷ ᠶᠢᠡᠨ ᠣᠶᠠᠵᠤ ᠠᠮᠠᠷᠠᠭᠤᠯᠬᠤ ᠪᠠᠷ ᠪᠣᠰᠬᠠᠭᠰᠠᠨ ᠮᠤᠳᠤ ᠶᠤᠮ᠃ ᠶᠠᠷᠤ ᠳᠤ ᠪᠠᠨ ᠮᠤᠷᠤᠢ ᠣᠷᠭᠤᠭᠰᠠᠨ ᠰᠠᠯᠠᠭ᠎ᠠ ᠣᠯᠠᠨ ᠲᠡᠶ ᠬᠠᠢ᠌ᠯᠠᠰᠤ ᠴᠠᠷᠠᠰᠤ ᠵᠡᠷᠭᠡ ᠶᠢ ᠪᠣᠯᠠᠵᠤ ᠪᠣᠰᠬᠠᠳᠠᠭ᠃ ᠨᠢᠭᠡ ᠱᠤᠩ ᠳᠡᠭᠡᠷ᠎ᠡ ᠣᠯᠠᠨ ᠮᠤᠷᠢ ᠣᠨᠤᠭ᠎ᠠ ᠣᠶᠠᠵᠤ ᠪᠣᠯᠳᠠᠭ᠃ ᠱᠤᠩ ᠣᠯᠠᠠᠳᠠᠢ ᠠᠢ᠌ᠯ ᠨᠢ ᠪᠠᠶᠠᠨ ᠠᠢ᠌ᠯ ᠪᠣᠯᠬᠤ ᠨᠢ ᠳᠠᠮᠵᠢᠭ ᠦᠭᠡᠶ᠃

ᠱᠤᠩ ᠳᠡᠭᠡᠷ᠎ᠡ ᠶᠠᠮᠠᠷ ᠴᠤ ᠣᠨᠤᠭ᠎ᠠ ᠶᠢ ᠪᠦᠷ ᠣᠶᠠᠵᠤ ᠪᠣᠯᠳᠠᠭ ᠴᠤ ᠪᠠᠯᠴᠢᠷ ᠦᠶ᠎ᠡ ᠶᠢᠨ ᠮᠢᠨᠤ ᠣᠢ ᠪᠣᠳᠤᠯ ᠳᠤ ᠭᠦᠨ ᠰᠠᠭᠤᠭᠳᠠᠯ ᠥᠭ᠍ᠴᠤ ᠣᠳᠤ ᠪᠣᠯᠳᠠᠯ᠎ᠠ ᠣᠶᠠᠭᠠᠨ ᠤ ᠱᠤᠩ ᠤᠨ ᠳᠤᠬᠠᠢ ᠣᠯᠠᠨ ᠶᠠᠭᠤᠮ᠎ᠠ ᠪᠣᠳᠤᠭᠤᠯᠵᠤ ᠶᠠᠭᠤ ᠨᠢᠭᠡ ᠶᠢ ᠭᠡᠯᠡᠮᠡᠷ ᠪᠢᠴᠢᠮᠠᠷ ᠪᠣᠯᠭᠠᠳᠠᠭ ᠨᠢ ᠣᠷᠤᠰᠤᠮ᠎ᠠ ᠵᠢᠷᠤᠭ᠎ᠠ ᠭᠡᠭᠡᠷ᠂ ᠣᠷᠤᠯᠳᠤᠭᠠᠨ ᠤ ᠮᠡᠡᠭᠯᠡᠢ ᠭᠦᠯᠦᠭ᠌ ᠣᠮᠤᠭᠯᠠᠩ ᠳᠡᠪᠭᠡᠴᠡᠭᠦᠯᠦᠭ᠍ᠰᠡᠨ ᠮᠢᠨᠤ ᠭᠡᠷ ᠤᠨ ᠡᠮᠦᠨᠡᠭᠢ ᠮᠤᠷᠢᠨ ᠱᠤᠩ ᠪᠣᠯᠬᠤ ᠶᠤᠮ᠃ ᠨᠢᠭᠡ ᠪᠤᠳᠦᠬᠤ ᠡᠴᠡ ᠱᠤᠩ ᠭᠡᠵᠤ ᠮᠢᠩᠭ᠋᠎ᠠ ᠰᠠᠯᠠᠭᠠᠯᠠᠵᠤ ᠲᠦᠮᠡ ᠮᠥᠴᠢᠷᠯᠡᠭ᠍ᠰᠡ ᠮᠤᠠᠳᠠᠭ ᠶᠡᠭᠡ ᠮᠤᠩᠭ᠋ᠤᠯ ᠰᠤᠶᠤᠯ ᠤᠨ ᠱᠠᠩᠰᠢ ᠶᠢᠨ ᠢᠳᠡᠷᠡᠭᠦᠨ ᠣᠷᠭᠤᠭᠰᠠᠨ ᠮᠦᠴᠢᠷ ᠨᠢᠭᠡᠨ ᠪᠠᠢ᠌ᠭ᠎ᠠ ︕

ᠱᠤᠩ᠂ ᠳᠡᠭᠡᠳᠦᠰ ᠤᠨ ᠮᠢᠨᠢ ᠣᠷᠢ ᠣᠬᠠᠭᠠᠨ ᠤ ᠳᠦᠷᠤᠳᠠᠰᠤ᠂ ᠮᠤᠩᠭ᠋ᠤᠯ ᠰᠤᠶᠤᠯ ᠤᠨ ᠮᠢᠨᠢ ᠪᠣᠰᠤᠭ᠎ᠠ ᠳᠡᠮᠳᠡᠭ᠌ ︕

ᠱᠤᠩ᠂ ᠭᠠᠵᠠᠷ ᠡᠴᠡ ᠪᠠᠨ ᠪᠣᠰᠤᠭᠰᠠᠨ ᠡᠷ᠎ᠡ ᠭᠦᠮᠤᠨ ᠤ ᠨᠢᠭᠡᠨ ᠰᠠᠨᠠᠭ᠎ᠠ᠂ ᠳᠡᠭ᠍ᠷᠢ ᠳᠤ ᠪᠠᠨ ᠵᠥᠭᠯᠡᠭ᠍ᠰᠡᠨ ᠮᠤᠩᠭ᠋ᠤᠯ ᠭᠦᠮᠤᠨ ᠤ ᠨᠢᠭᠡᠨ ᠣᠬᠠᠭ᠎ᠠ ᠪᠣᠶᠤ ︕ ᠭᠦᠳᠡᠭᠡ ᠶᠢᠨ ᠰᠠᠢ᠌ᠬᠠᠨ ᠠᠮᠢᠳᠤᠷᠠᠯ ᠱᠤᠩ ᠳᠡᠭᠡᠷ᠎ᠡ ᠡᠴᠡ ᠡᠭᠢᠯᠡᠳᠡᠭ᠌᠂ ᠭᠦᠳᠡᠭᠡ ᠶᠢᠨ ᠰᠠᠢ᠌ᠬᠠᠨ ᠪᠦᠭᠦᠨ ᠱᠤᠩ ᠶᠢᠡᠨ ᠳᠤᠭᠤᠷᠢᠨ ᠳᠡᠯᠭᠡᠷᠡᠳᠡᠭ᠌᠃

ᠬᠤᠯᠠ ᠶᠠᠪᠣᠭᠰᠠᠨ ᠠᠪᠣ ᠮᠢᠨᠢ ᠰᠠᠨᠠᠭ᠎ᠠ ᠶᠠᠭᠠᠷᠠᠭᠤᠯᠤᠨ ᠪᠣᠴᠠᠬᠤ ᠳᠤ ᠪᠠᠨ ᠱᠤᠩ ᠶᠢᠡᠨ ᠵᠥᠭᠯᠡᠨ ᠳᠠᠪᠭᠢᠳᠠᠭ᠃ ᠬᠤᠷᠳᠤᠨ ᠭᠡᠭᠡᠷ ᠲᠡᠶ ᠭᠦᠡᠳᠦᠳᠤ ᠵᠤᠴᠢᠨ ᠱᠤᠩ ᠳᠡᠭᠡᠷ᠎ᠡ ᠢᠨᠢᠶᠡᠭ᠍ᠰᠡᠭᠡᠷ ᠪᠠᠭᠤᠳᠠᠭ᠃ ᠬᠤᠯᠠ ᠶᠢᠨ ᠰᠤᠷᠠᠭ ᠭᠦᠷᠭᠡᠳᠡᠭ᠌ ᠰᠢᠤᠳᠠᠠᠴᠢ ᠱᠤᠩ ᠳᠡᠭᠡᠷ᠎ᠡ ᠶᠠᠭᠠᠷᠠᠭᠰᠠᠭᠠᠷ ᠢᠷᠡᠳᠡᠭ᠌᠃ ᠮᠠᠨᠠᠭᠠᠨ ᠳᠤ ᠶᠠᠪᠣᠭᠰᠠᠨ ᠠᠬ᠎ᠠ ᠱᠤᠩ ᠳᠡᠭᠡᠷ᠎ᠡ ᠪᠠᠨ ᠢᠰᠭᠢᠷᠦᠭ᠍ᠰᠡᠭᠡᠷ ᠪᠣᠴᠠᠳᠠᠭ ᠁ ᠡᠳᠡᠭᠡᠷ ᠪᠣᠯ ᠮᠢᠨᠤ ᠪᠣᠷᠠᠮ ᠰᠢᠭ ᠠᠮᠳᠠᠳᠠᠢ ᠪᠠᠯᠴᠢᠷ ᠠᠬᠤᠢ ᠶᠢᠨ ᠰᠤᠯᠤᠩᠭ᠋ᠠᠨ ᠥᠩᠭᠡᠳᠡᠢ ᠵᠡᠭᠦᠳᠤᠨ ᠵᠢᠷᠤᠭ ᠪᠠᠢ᠌ᠭ᠎ᠠ ︕

ᠱᠤᠩ ᠳᠡᠭᠡᠷ᠎ᠡ ᠮᠤᠷᠢᠳᠠᠢ ᠠᠪᠣ ᠮᠢᠨᠢ ᠪᠠᠭᠤᠬᠤ ᠰᠠᠢ᠌ᠬᠠᠨ᠃

ᠬᠠᠷᠠᠭ᠎ᠠ ᠶᠢ ᠮᠢᠨᠢ ᠴᠢᠳᠦᠷᠯᠡᠭ᠍ᠰᠡ ᠨᠠᠮᠬᠠᠨ ᠪᠣᠷᠤ ᠭᠦᠳᠦᠯ ᠳᠠᠪᠠᠨ ᠬᠠᠨᠠᠢ᠌ᠭᠰᠠᠭᠠᠷ ᠰᠠᠨᠠᠭ᠎ᠠ ᠪᠣᠯᠤᠭᠰᠠᠨ ᠡᠵᠢ ᠶᠢᠨ ᠮᠢᠨᠢ ᠭᠢᠩᠰᠢᠭ᠍ᠰᠡᠨ ᠰᠡᠳᠭᠢᠯ ᠢ ᠨᠠᠮᠳᠠᠭᠤᠯᠤᠭᠰᠠᠭᠠᠷ ᠬᠤᠨᠤᠭ ᠣᠳᠠᠭᠰᠠᠨ ᠬᠠᠢ᠌ᠷ᠎ᠠ ᠪᠠᠨ ᠳᠡᠩᠨᠡᠭᠦᠯᠤᠨ ᠠᠴᠢᠭᠰᠠᠭᠠᠷ ᠬᠤᠯᠠ ᠶᠠᠪᠣᠭᠰᠠᠨ ᠠᠪᠣ ᠮᠢᠨᠢ ᠬᠠᠭᠤᠴᠢᠷᠠᠵᠤ ᠡᠯᠡᠭ᠍ᠳᠡᠭ᠍ᠰᠡᠨ ᠬᠠᠢ᠌ᠯᠠᠰᠤᠨ ᠱᠤᠩ ᠳᠡᠭᠡᠷ᠎ᠡ ᠪᠠᠨ ᠰᠠᠵᠢᠯᠠᠨ ᠪᠠᠭᠤᠬᠤ ᠰᠠᠢ᠌ᠬᠠᠨ᠂ ᠬᠠᠯᠠᠭᠤ ᠳᠦᠭᠡᠨᠡᠭ᠍ᠰᠡᠨ ᠭᠡᠷ ᠪᠦᠯᠢ ᠪᠦᠷᠢᠳᠦᠭᠦ ᠰᠠᠢ᠌ᠬᠠᠨ ᠡ ︕

ᠱᠤᠩ ᠳᠡᠭᠡᠷ᠎ᠡ ᠮᠤᠷᠢᠳᠠᠢ ᠠᠬ᠎ᠠ ᠮᠢᠨᠢ ᠪᠠᠭᠤᠬᠤ ᠰᠠᠢ᠌ᠬᠠᠨ᠃

ᠠᠷᠠᠤᠨ ᠤᠨ ᠳᠠᠭᠤᠤ ᠶᠢᠨ ᠰᠢᠷᠤᠩᠬᠠᠢ ᠣᠷᠳᠤᠯᠠᠭᠰᠠᠭᠠᠷ ᠮᠠᠨᠠᠭᠠᠨ ᠳᠤ ᠶᠠᠪᠣᠭᠰᠠᠨ ᠠᠬ᠎ᠠ ᠮᠢᠨᠢ ᠱᠤᠩ ᠳᠡᠭᠡᠷ᠎ᠡ ᠪᠠᠨ ᠢᠰᠭᠢᠷᠦᠭ᠍ᠰᠡᠭᠡᠷ ᠪᠣᠴᠠᠨ᠎ᠠ᠃ ᠮᠠᠠᠳᠤᠬᠤ ᠨᠠᠷᠠᠨ ᠠᠭᠳᠠ ᠲᠡᠶ ᠨᠢ ᠣᠭᠢᠶᠠᠭᠰᠠᠭᠠᠷ ᠭᠦᠭᠡᠷᠦᠨ᠎ᠡ᠃ ᠠᠮᠢᠳᠤᠷᠠᠯ ᠰᠤᠨᠢᠶᠠᠭᠰᠠᠭᠠᠷ ᠪᠣᠰᠤᠨ᠎ᠠ᠃ ᠮᠠᠷᠭᠠᠰᠢ ᠪᠢᠳᠠ ᠬᠤᠶᠠᠷ ᠢᠨᠢᠶᠡᠭ᠍ᠰᠡᠭᠡᠷ ᠬᠤᠪᠴᠠᠰᠤᠯᠠᠨ᠎ᠠ ᠁

ᠱᠤᠩ ᠳᠡᠭᠡᠷ᠎ᠡ ᠮᠤᠷᠢᠳᠠᠢ ᠵᠤᠴᠢᠨ ᠪᠠᠭᠤᠬᠤ ᠰᠠᠢ᠌ᠬᠠᠨ᠃

ᠠᠢ᠌ᠯ ᠪᠠᠢ᠌ᠬᠤ ᠶᠢᠨ ᠳᠡᠮᠳᠡᠭ᠌ ᠭᠡᠯᠳᠡᠢ᠂ ᠠᠮᠢᠳᠤᠷᠠᠯ ᠪᠣᠰᠬᠤ ᠶᠢᠨ ᠪᠠᠯᠭᠡ ᠭᠡᠯᠳᠡᠢ᠃ ᠠᠭᠳᠠ ᠶᠢᠨ ᠱᠤᠩ ᠳᠡᠭᠡᠷ᠎ᠡ ᠠᠯᠠᠭ ᠱᠠᠭᠠᠵᠠᠭᠠᠢ ᠨᠠᠷᠠᠨ ᠤ ᠳᠠᠭᠤᠨ ᠶᠢᠡᠷ ᠱᠠᠭᠰᠢᠬᠤ ᠳᠤ ᠡᠪᠠᠢ ᠬᠠᠯᠠᠭ ᠭᠡᠭᠦ ᠡᠮᠧ ᠶᠢᠨ ᠪᠠᠯᠠᠩᠴᠠᠯ ᠲᠡᠶ ᠦᠨᠦᠳᠤᠷ ᠡᠭᠢᠯᠡᠵᠤ ᠠᠮᠢᠳᠤᠷᠠᠯ ᠰᠥᠯᠡᠭ᠍ᠳᠡᠨ᠎ᠡ᠃ ᠮᠤᠷᠢ ᠲᠡᠶ ᠵᠤᠴᠢᠨ ᠣᠳᠠᠵᠤ ᠳᠦᠳᠠᠯ ᠦᠭᠡᠶ ᠡᠮᠧ ᠶᠢᠨ ᠰᠤᠪᠢᠨ ᠲᠡᠶ ᠬᠠᠮᠳᠤ ᠱᠤᠩ ᠳᠡᠭᠡᠷ᠎ᠡ ᠪᠠᠭᠤᠨ᠎ᠠ᠃ ᠠᠮᠤᠷ ᠦᠦ ︖᠂ ᠰᠠᠢ᠌ᠨ ᠦᠦ ︖ ᠮᠠᠠᠳᠤ ᠪᠠᠨ ᠮᠡᠳᠡᠯᠴᠡᠭᠡᠳ ᠪᠠᠭᠤᠬᠤ ᠳᠤ ᠰᠢᠷᠢᠨ ᠭᠦᠯᠢᠮ ᠰᠢᠯᠭᠡᠰᠭᠢᠵᠤ᠂ ᠰᠠᠠᠵᠢᠳᠠᠢ ᠳᠦᠷᠦᠭᠡ ᠬᠠᠩᠭᠢᠰ ᠠᠯᠳᠠᠨ ᠰᠡᠳᠭᠢᠯ ᠤᠨ ᠪᠠᠬ᠎ᠠ ᠳᠠᠪᠢᠳᠠᠷ ᠠᠯᠳᠠᠨ ᠭᠦᠳᠡᠭᠡ ᠶᠢᠨ ᠰᠠᠢ᠌ᠬᠠᠨ ᠭᠢᠯᠠᠰᠭᠢᠨ᠎ᠠ ᠡ ︕

ᠱᠤᠩ ᠳᠡᠭᠡᠷ᠎ᠡ ᠮᠤᠷᠢᠳᠠᠢ ᠰᠤᠨᠢᠨ ᠪᠠᠭᠤᠬᠤ ᠰᠠᠢ᠌ᠬᠠᠨ᠃

ᠦᠴᠦᠭᠡᠳᠦᠷ ᠤᠨ ᠰᠤᠨᠢᠨ ᠢ ᠪᠣᠭᠴᠤ ᠳᠦᠭᠦᠷᠡᠩ ᠰᠠᠪᠠᠯᠠᠭᠰᠠᠭᠠᠷ ᠦᠨᠦᠳᠤᠷ ᠤᠨ ᠰᠠᠢ᠌ᠬᠠᠨ ᠢ ᠨᠢᠭᠤᠷ ᠳᠦᠭᠦᠷᠡᠩ ᠣᠴᠢᠷᠯᠠᠭᠰᠠᠭᠠᠷ ᠮᠠᠷᠭᠠᠰᠢ ᠶᠢᠨ ᠣᠬᠠᠭᠠᠨ ᠢ ᠮᠠᠯᠮᠠᠢ ᠳᠦᠭᠦᠷᠡᠩ ᠳᠤᠶᠠᠭᠠᠷᠠᠭᠤᠯᠤᠭᠰᠠᠭᠠᠷ ᠮᠤᠩᠭ᠋ᠤᠯ ᠰᠤᠨᠢᠨ ᠮᠢᠨᠢ ᠱᠤᠩ ᠳᠡᠭᠡᠷ᠎ᠡ ᠪᠠᠭᠤᠬᠤ ᠳᠤ ᠪᠣᠰᠤᠭ᠎ᠠ ᠠᠶᠠᠯᠭᠤ ᠭᠦᠩᠭᠢᠨᠡᠰᠭᠢᠨ ᠪᠠᠭᠤᠴᠠ ᠭᠡᠷ ᠴᠠᠯᠭᠢᠰᠭᠢᠨ ᠦᠪ ᠰᠤᠶᠤᠯ ᠦᠨᠳᠠᠰᠭᠢᠨ᠎ᠠ᠃

ᠱᠤᠩ ᠳᠡᠭᠡᠷ᠎ᠡ ᠮᠤᠷᠢᠳᠠᠢ ᠪᠠᠭᠤᠬᠤ ᠰᠠᠢ᠌ᠬᠠᠨ ᠪᠠᠢ᠌ᠭᠰᠠᠨ᠂ ᠰᠠᠢ᠌ᠬᠠᠨ ᠯᠠ ᠪᠠᠢ᠌ᠭᠰᠠᠨ ᠡ ᠁

ᠠᠷᠭᠤᠮᠠᠭ ᠭᠦᠯᠦᠭ᠌ ᠳᠡᠪᠭᠡᠴᠡᠳᠡᠭ᠌ ᠠᠢ᠌ᠯ ᠤᠳ ᠤᠨ ᠱᠤᠩ ᠳᠡᠭᠡᠷ᠎ᠡ ᠠᠠᠵᠢᠰᠤᠨ ᠤ ᠨᠤᠮᠤᠬᠠᠨ ᠱᠠᠷ ᠭᠢᠪᠢᠳᠡᠭ᠌ ᠪᠣᠯᠤᠭᠰᠠᠨ ᠨᠢ ᠭᠡᠵᠢᠶᠡᠨ ᠡᠴᠡ ᠪᠣᠯᠤᠭᠰᠠᠨ ᠨᠢ ᠳᠠᠭ ᠮᠠᠷᠳᠠᠭᠳᠠᠵᠠᠢ᠃ ᠪᠣᠳᠤᠬᠤ ᠶᠢᠨ ᠵᠤᠷᠢᠭ ᠭᠦᠷᠭᠦ ᠦᠭᠡᠶ ᠶᠠᠭ ᠮᠠᠷᠳᠠᠭᠳᠠᠵᠠᠢ ᠡ ︕ ᠨᠢᠭᠡ ᠪᠣᠳᠤᠪᠠᠯ ᠠᠰᠬ᠎ᠠ ᠬᠠᠳᠠ ᠰᠢᠭ ᠳᠦᠰᠢᠭ᠌ ᠠᠪᠣ ᠶᠢᠨ ᠮᠢᠨᠢ ᠨᠢ᠌ᠷᠤᠭᠤ ᠪᠦᠭ᠍ᠳᠥᠢᠵᠤ ᠡᠮᠨᠢᠭ᠌ ᠰᠤᠷᠳᠠᠭ ᠠᠬ᠎ᠠ ᠶᠢᠨ ᠮᠢᠨᠢ ᠠᠭᠠᠰᠢ ᠠᠷᠠᠯ ᠤᠨ ᠱᠠᠷ ᠶᠢᠡᠨ ᠰᠢᠭ ᠨᠤᠮᠤᠬᠠᠷᠠᠭᠰᠠᠨ ᠦᠶ᠎ᠡ ᠪᠠᠢ᠌ᠵᠤ ᠳᠠᠭᠠᠷᠠᠨ᠎ᠠ᠃ ᠣᠳᠤ ᠪᠣᠯᠬᠤ ᠳᠤ ᠠᠢ᠌ᠯ ᠤᠳ ᠤᠨ ᠱᠤᠩ ᠣᠷᠤ ᠮᠦᠷ ᠦᠭᠡᠶ ᠣᠰᠠᠳᠤᠨ ᠠᠷᠢᠯᠤᠭᠠᠤᠨ ᠣᠷᠤᠨ ᠳ᠋ᠤᠨᠢ ᠬᠠᠷᠢᠨ ᠡᠪᠳᠡᠷᠭᠡᠢ ᠪᠣᠯᠤ ᠡᠯᠡᠭ᠍ᠳᠡᠭ᠍ᠰᠡᠨ ᠬᠤᠰᠢᠭᠤ ᠭᠦᠭᠯᠡᠷᠡᠭᠦ ᠪᠣᠯᠵᠠᠢ᠃ ᠡᠷᠭᠢᠵᠤ ᠢᠷᠡᠭᠦ ᠦᠭᠡᠶ ᠡᠷ᠎ᠡ ᠭᠦᠮᠤᠨ ᠤ ᠭᠤᠮᠤᠳᠠᠯ ᠡᠪᠦᠷᠯᠡᠭᠡᠳ ᠱᠤᠩ ᠤᠨ ᠬᠠᠢ᠌ᠯᠠᠰᠤ ᠴᠤ ᠣᠷᠭᠤᠬᠤ ᠪᠠᠨ ᠪᠣᠯᠢᠵᠠᠢ ᠡ ︕ ᠭᠦᠳᠡᠭᠡ ᠭᠡᠳᠡᠭ᠌ ᠳᠡᠭ᠍ᠷᠢᠯᠢᠭ᠌ ᠠᠪᠢᠶ᠎ᠠ ᠬᠠᠵᠠᠭᠠᠢ ᠱᠤᠤᠭᠢᠯᠳᠤᠭᠠᠤᠨ ᠵᠢᠰᠤ ᠪᠠᠨ ᠠᠯᠳᠠᠵᠠᠢ ᠡ ︕

ᠭᠦᠳᠡᠭᠡ ᠶᠢᠨ ᠰᠠᠢ᠌ᠬᠠᠨ ᠱᠤᠩ ᠲᠡᠶ ᠪᠠᠨ ᠬᠠᠮᠢᠭᠠᠰᠢ ᠡᠴᠢᠪᠡ᠂ ᠬᠠᠮᠢᠭᠠᠰᠢ ᠡᠴᠢᠨᠡᠮ ︖

ᠭᠦᠳᠡᠭᠡ ᠶᠢᠨ ᠰᠠᠢ᠌ᠬᠠᠨ ᠱᠤᠩ ᠳᠡᠭᠡᠷ᠎ᠡ ᠡᠴᠡ ᠡᠭᠢᠯᠡᠨ᠎ᠡ᠃


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠡᠯᠡᠨ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6135
ᠴᠠᠭ᠄ 2010 ᠤᠨ ᠤ 07 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ