ᠨᠡᠪᠲᠡᠷᠡᠨ ᠤᠷᠤᠬᠤ
ᠱᠠᠭ᠎ᠠ ᠭᠡᠵᠤ ᠠᠷᠢᠭᠤᠨ ᠳᠠᠷᠬᠠᠨ ᠨᠠᠭᠠᠳᠤᠮ
᠊᠊᠊᠊᠊᠊᠊᠊᠊᠊᠊᠊᠊᠊᠊ ᠱᠠᠭ᠎ᠠ ᠳᠤᠭᠯᠠᠭᠠᠮ ᠢ ᠭᠢᠴᠢᠶᠠᠯ ᠤᠨ ᠳᠢᠩᠭᠢᠮ ᠳᠤ ᠣᠷᠤᠭᠤᠯᠤᠭᠰᠠᠨ ᠳᠤᠬᠠᠢ ᠴᠤᠬᠤᠰ ᠶᠠᠷᠢᠬᠤ ᠨᠢ

ᠱᠠᠭ᠎ᠠ ᠶᠢ ᠭᠦᠳᠡᠭᠡ ᠶᠢᠨ ᠬᠡᠦᠬᠡᠳ ᠮᠠᠳᠠᠨ᠎ᠠ᠃ ᠭᠡᠳᠡᠯ᠎ᠡ ᠬᠤᠳᠠ ᠶᠢᠨ ᠬᠡᠦᠬᠡᠳ ᠪᠠᠷᠤᠭ ᠮᠡᠳᠡᠭᠦ ᠦᠭᠡᠶ ᠵᠠᠯᠠᠭᠤ ᠡᠴᠢᠭᠡ ᠡᠭᠡᠴᠦᠦᠯ ᠴᠤ ᠪᠠᠷᠤᠭ ᠮᠡᠳᠡᠭᠦ ᠦᠭᠡᠶ ᠭᠡᠮᠵᠢᠶᠡᠨ ᠳᠤ ᠭᠦᠷᠴᠤ ᠪᠠᠢ᠌ᠨ᠎ᠠ᠃ ᠱᠠᠭ᠎ᠠ ᠪᠣᠯ ᠮᠤᠩᠭ᠋ᠤᠯ ᠦᠨᠳᠦᠰᠦᠳᠠᠨ ᠤ ᠣᠯᠠᠮᠵᠢᠯᠯᠠᠳᠤ ᠳᠤᠭᠯᠠᠭᠠᠮ ᠤᠨ ᠵᠣᠢ᠌ᠯ ᠢᠯᠠ ᠳᠤᠳᠤ ᠦᠨᠳᠦᠰᠦᠳᠠᠨ ᠤ ᠣᠠᠴᠠᠯᠢᠭ ᠲᠡᠶ ᠨᠠᠭᠠᠳᠤᠮ ᠳᠤᠭᠯᠠᠭᠠᠮ᠃ ᠮᠤᠩᠭ᠋ᠤᠯᠴᠤᠳ ᠭᠦᠭ᠍ᠰᠢᠨ ᠵᠠᠯᠠᠭᠤ᠂ ᠬᠡᠦᠬᠡᠳ ᠪᠠᠭᠠᠴᠤᠳ ᠭᠡᠰᠡᠨ ᠦᠭᠡᠶ ᠪᠦᠷ ᠱᠠᠭ᠎ᠠ ᠪᠠᠷ ᠳᠤᠭᠯᠠᠳᠠᠭ᠃ ᠱᠠᠭ᠎ᠠ ᠪᠣᠯ ᠴᠤᠯ ᠪᠠᠢ᠌ᠭᠠᠯᠢᠯᠢᠭ ᠳᠤᠭᠯᠠᠭᠠᠮ᠂ ᠬᠤᠤᠷ ᠭᠦᠨᠦᠭᠡᠯ ᠦᠭᠡᠶ᠃ ᠬᠤᠪᠠ ᠪᠠᠷ ᠭᠢᠭ᠍ᠰᠡᠨ ᠳᠤᠭᠯᠠᠭᠠᠮ ᠲᠡᠶ ᠳᠠᠭᠠᠷᠠᠬᠤ ᠦᠭᠡᠶ᠃ ᠬᠤᠪᠠ ᠪᠠᠷ ᠭᠢᠭ᠍ᠰᠡᠨ ᠳᠤᠭᠯᠠᠭᠠᠮ ᠤᠨ ᠴᠢᠨᠠᠷ ᠢ ᠪᠠᠳᠤᠯᠠᠵᠤ ᠳᠡᠢ᠌ᠯᠭᠦ ᠦᠭᠡᠶ ᠪᠣᠯ ᠬᠡᠦᠬᠡᠳ ᠤᠨ ᠪᠠᠶ᠎ᠠ ᠳᠤ ᠬᠤᠤᠷ ᠲᠡᠶ᠃ ᠱᠠᠭ᠎ᠠ ᠮᠠᠳᠤ ᠡᠢ᠌ᠮᠤ ᠰᠠᠢ᠌ᠬᠠᠨ ᠳᠤᠭᠯᠠᠭᠠᠮ ᠢ ᠬᠡᠦᠬᠡᠳ ᠡᠴᠡ ᠪᠠᠨ ᠬᠤᠯᠠᠳᠠᠭᠤᠯᠵᠤ᠂ ᠮᠠᠷᠳᠠᠭᠤᠯᠬᠤ ᠳᠤ ᠭᠦᠷᠪᠠᠯ ᠪᠢᠳᠠ ᠬᠣᠢ᠌ᠴᠢ ᠦᠶ᠎ᠡ ᠳᠡᠭᠡᠨ ᠣᠰᠤᠯᠳᠠᠨ᠎ᠠ ᠭᠡᠵᠤ ᠪᠢ ᠭᠡᠵᠢᠶᠡᠳᠡ ᠪᠣᠳᠤᠳᠠᠭ᠃

ᠮᠠᠨ ᠤ ᠴᠡᠴᠡᠷᠯᠢᠭ᠌ ᠭᠢᠴᠢᠶᠠᠯ ᠤᠨ ᠳᠢᠩᠭᠢᠮ ᠳ᠋ᠠᠭᠠᠨ ᠱᠠᠭ᠎ᠠ ᠶᠢᠨ ᠳᠤᠭᠯᠠᠭᠠᠮ ᠣᠷᠤᠭᠤᠯᠤᠭᠠᠤᠨ ᠨᠠᠯᠢᠶᠠᠤᠨ ᠭᠡᠳᠤᠨ ᠵᠢᠯ ᠪᠣᠯᠵᠤ ᠪᠠᠢ᠌ᠨ᠎ᠠ᠃ ᠱᠠᠭ᠎ᠠ ᠳᠤᠭᠯᠠᠭᠠᠮ ᠤᠨ ᠣᠯᠮᠠᠵᠢᠯᠠᠯᠳᠤ ᠰᠤᠶᠤᠯ ᠢ ᠬᠡᠦᠬᠡᠳ ᠲᠡᠭᠡᠨ ᠭᠦᠷᠳᠡᠭᠡᠵᠤ ᠪᠠᠢ᠌ᠭ᠎ᠠ ᠪᠠᠷ ᠪᠠᠷᠠᠬᠤ ᠦᠭᠡᠶ᠂ ᠰᠢᠨᠠᠴᠢᠯᠠᠯᠳᠠ ᠭᠢᠵᠤ ᠬᠡᠦᠬᠡᠳ ᠤᠨ ᠴᠡᠴᠡᠷᠯᠢᠭ᠌ ᠤᠨ ᠵᠢᠭᠠᠨ ᠰᠤᠷᠭᠠᠯᠳᠠ ᠳᠤ ᠠᠰᠢᠭᠯᠠᠬᠤ ᠶᠢ ᠵᠤᠷᠢᠵᠤ ᠪᠠᠢ᠌ᠨ᠎ᠠ᠃

ᠣᠨᠤᠪᠴᠢᠳᠠᠢ ᠰᠢᠭ ᠭᠡᠯᠡᠪᠠᠯ᠂ ᠮᠠᠨ ᠤ ᠴᠡᠴᠡᠷᠯᠢᠭ᠌ 2003 ᠣᠨ ᠡᠴᠡ ᠡᠭᠢᠯᠡᠵᠤ ᠱᠠᠭ᠎ᠠ ᠶᠢᠨ ᠳᠤᠭᠯᠠᠭᠠᠮ ᠢ ᠴᠡᠴᠡᠷᠯᠢᠭ᠌ ᠲᠡᠭᠡᠨ᠂ ᠭᠢᠴᠢᠶᠠᠯ ᠤᠨ ᠳᠢᠩᠭᠢᠮ ᠳᠠᠭᠠᠨ ᠣᠷᠤᠭᠤᠯᠵᠤ ᠢᠷᠡᠭ᠍ᠰᠡᠨ᠃ ᠦᠨᠡᠨ ᠳᠡᠭᠡᠨ ᠠᠯᠢ ᠡᠷᠳᠡ ᠡᠴᠡ (ᠱᠠᠭ᠎ᠠ ᠳᠤᠭᠯᠠᠭᠠᠮ ᠢ) ᠴᠡᠴᠡᠷᠯᠢᠭ᠌ ᠲᠡᠭᠡᠨ ᠣᠷᠤᠭᠤᠯᠤᠨ ᠠᠪᠴᠢᠷᠠᠬᠤ ᠰᠠᠨᠠᠭ᠎ᠠ ᠲᠡᠶ ᠪᠠᠢ᠌ᠭᠰᠠᠨ᠃ ᠭᠡᠪᠠᠴᠤ ᠣᠨᠤᠭ᠎ᠠ ᠭᠦᠷᠦᠭᠡ ᠦᠭᠡᠶ᠃ ᠬᠤᠳᠠ ᠭᠠᠵᠠᠷ ᠱᠠᠭ᠎ᠠ ᠴᠤᠯᠠᠭᠤᠯᠬᠤ ᠳᠤ ᠴᠤ ᠭᠦᠴᠢᠷ ᠡ᠃

ᠬᠤᠳᠠ ᠶᠢ ᠭᠡᠯᠡᠭᠦ ᠦᠭᠡᠶ᠂ ᠭᠦᠳᠡᠭᠡ ᠳᠤ ᠴᠤ ᠮᠠᠷᠳᠠᠭᠳᠠᠬᠤ ᠭᠡᠮᠵᠢᠶᠡᠨ ᠳᠤ ᠭᠦᠷᠦᠭ᠍ᠰᠡᠨ ᠱᠠᠭ᠎ᠠ ᠶᠢ ᠴᠡᠴᠡᠷᠯᠢᠭ᠌᠂ ᠰᠤᠷᠭᠠᠭᠤᠯᠢ ᠶᠢᠨ ᠭᠦᠷᠢᠶᠡᠨ ᠳᠤ ᠪᠠᠨ ᠣᠷᠤᠭᠤᠯᠵᠤ ᠠᠪᠴᠢᠷᠠᠨ᠎ᠠ ᠭᠡᠳᠡᠭ᠌ ᠠᠮᠠᠷ ᠦᠭᠡᠶ ᠠᠵᠢᠯ ᠶᠤᠮ᠃ ᠮᠠᠨ ᠤ ᠴᠡᠴᠡᠷᠯᠢᠭ᠌ ᠤᠨ ᠭᠢᠨ ᠡᠨᠡᠭᠦ ᠠᠵᠢᠯ ᠢ ᠢᠩᠭᠢᠵᠤ ᠭᠢᠭ᠍ᠰᠡᠨ ᠨᠢ᠂ ᠶᠠᠷᠤ ᠨᠢ ᠳᠡᠭᠡᠳᠤ ᠭᠡᠮᠵᠢᠶᠡᠨ ᠤ ᠭᠦᠳᠡᠯᠮᠦᠷᠢ ᠵᠠᠷᠤᠴᠠᠭᠤᠯᠤᠭᠰᠠᠨ ᠪᠦᠳᠦᠭᠡᠯᠴᠢ ᠠᠵᠢᠯᠠᠯᠭ᠎ᠠ᠂ ᠥᠨᠡᠯᠡᠭᠦᠰᠢᠳᠡᠢ ᠠᠵᠢᠯ ᠪᠠᠢ᠌ᠭ᠎ᠠ ᠭᠡᠵᠤ ᠪᠢ ᠥᠵᠡᠳᠡᠭ᠌᠃ ᠮᠤᠩᠭ᠋ᠤᠯᠴᠤᠳ ᠦᠨᠳᠦᠰᠦᠨ ᠣᠢ᠌ᠯᠠᠳᠪᠣᠷᠢᠯᠠᠯ ᠡᠴᠡ ᠪᠠᠨ ᠵᠠᠢ᠌ᠳᠠᠵᠤ᠂ ᠰᠢᠨ᠎ᠡ ᠶᠠᠭᠤᠮ᠎ᠠ ᠶᠢ ᠦᠣᠠᠳᠠᠷ ᠭᠦᠯᠢᠶᠡᠵᠤ᠂ ᠦᠨᠳᠦᠰᠦᠳᠠᠨ ᠤ ᠢᠵᠠᠭᠤᠷ ᠰᠤᠶᠤᠯ᠂ ᠵᠠᠩ ᠣᠢ᠌ᠯᠠ᠂ ᠦᠨᠳᠦᠰᠦᠳᠠᠨ ᠤ ᠰᠡᠳᠭᠢᠭᠦᠢ᠂ ᠭᠦᠨ ᠣᠬᠠᠭᠠᠨ᠂ ᠦᠵᠡᠯ ᠣᠬᠠᠮᠰᠠᠷ ᠭᠡᠭᠡᠭ᠍ᠳᠡᠵᠤ ᠪᠠᠢ᠌ᠭ᠎ᠠ ᠭᠡᠴᠡᠭᠦᠤ ᠪᠠᠢ᠌ᠳᠠᠯ ᠳᠤᠤᠷ᠎ᠠ᠂ ᠡᠢ᠌ᠮᠦᠷᠭᠦ ᠠᠵᠢᠯ ᠢ ᠭᠢᠨ᠎ᠠ ᠭᠡᠭ᠍ᠴᠢ ᠥᠨᠡᠭᠡᠷ ᠠᠮᠠᠷ ᠦᠭᠡᠶ᠃ ᠳᠡᠭᠡᠷ᠎ᠡ ᠦᠶ᠎ᠡ ᠮᠤᠩᠭ᠋ᠤᠯ ᠠᠢ᠌ᠯ ᠪᠣᠯᠭᠠᠨ ᠳᠤ ᠣᠯᠠᠨ ᠱᠠᠭ᠎ᠠ ᠲᠡᠶ᠃ ᠳᠡᠭᠦᠨ ᠢ ᠪᠠᠨ ᠳᠡᠭᠡᠳᠦᠯᠡᠵᠤ᠂ ᠳᠡᠭᠦᠨ ᠶᠢᠡᠷ ᠶᠢᠡᠨ ᠳᠤᠭᠳᠠᠭᠰᠠᠨ ᠴᠠᠭ ᠲᠤ ᠳᠤᠭᠯᠠᠵᠤ ᠪᠠᠢ᠌ᠭᠰᠠᠨ᠃ ᠨᠠᠮᠢ᠋ᠢ ᠪᠠᠭ᠎ᠠ ᠪᠠᠢ᠌ᠬᠤ ᠳᠤ᠂ ᠳᠡᠭᠡᠷ᠎ᠡ ᠵᠠᠭᠤᠨ ᠤ ᠳᠠᠯᠠᠭᠠᠤᠨ ᠣᠨ ᠤ ᠰᠡᠭᠦᠯᠴᠢ ᠪᠠᠷ ᠭᠡᠭᠦ ᠦᠦ᠂ ᠮᠠᠨᠠᠢ᠌ᠭᠢᠨ ᠨᠢᠭᠡ ᠣᠭᠤᠳᠠ ᠬᠤᠨᠢᠨ ᠤ ᠱᠠᠭ᠎ᠠ᠂ ᠨᠢᠭᠡ ᠣᠭᠤᠳᠠ ᠵᠡᠭᠡᠷ᠎ᠡ ᠶᠢᠨ ᠱᠠᠭ᠎ᠠ ᠲᠡᠶ ᠪᠠᠢ᠌ᠭᠰᠠᠨ ᠰᠠᠨᠠᠭᠳᠠᠨ᠎ᠠ᠃ ᠡᠪᠦᠯ ᠤᠨ ᠣᠷᠳᠤ ᠰᠦᠨᠢ᠂ ᠭᠡᠷ ᠪᠦᠯᠢ ᠪᠠᠷ ᠶᠢᠡᠨ ᠬᠠᠮᠳᠤ ᠰᠠᠭᠤᠭᠠᠤᠨ 《ᠵᠠᠬ᠎ᠠ ᠬᠠᠮᠤᠳᠠᠭ》 (ᠪᠦᠭᠦ ᠱᠠᠭ᠎ᠠ ᠪᠠᠨ ᠢᠰᠡᠭᠡᠢ ᠳᠡᠭᠡᠷ᠎ᠡ ᠳᠠᠷᠬᠠᠭᠠᠴᠢᠬᠠᠭᠠᠤᠨ᠂ ᠭᠡᠳᠦᠭᠦᠯᠡ ᠪᠠᠨ ᠡᠭᠡᠯᠵᠢᠯᠡᠨ ᠬᠠᠶᠠᠭᠤᠷ ᠬᠠᠶᠠᠵᠤ ᠭᠡᠰᠡᠭ᠌ ᠭᠡᠰᠡᠭ᠌ ᠶᠢᠡᠷ ᠬᠠᠮᠤᠵᠤ ᠠᠪᠣᠨ᠎ᠠ᠃ ᠳᠡᠭᠡᠭᠡᠳ ᠪᠦᠭᠦ ᠱᠠᠭ᠎ᠠ ᠶᠢ ᠬᠤᠪᠢᠶᠠᠵᠤ ᠪᠠᠷᠠᠬᠤ ᠳᠤ ᠴᠢ ᠭᠡᠳᠦᠢ ᠱᠠᠭ᠎ᠠ ᠬᠠᠮᠤᠭᠰᠠᠨ ᠪᠣᠯ ᠳᠠᠷᠠ ᠴᠢᠨᠤ 《ᠳᠠᠠᠵᠢᠷ》 ᠪᠣᠯᠤᠨ᠎ᠠ᠃ ᠳᠠᠠᠵᠢᠷ ᠡᠴᠡ ᠪᠠᠨ ᠳᠤᠭᠳᠠᠭᠰᠠᠨ ᠳᠤᠭ᠎ᠠ ᠪᠠᠷ ᠱᠠᠭ᠎ᠠ ᠭᠠᠷᠭᠠᠵᠤ ᠬᠠᠮᠤᠭᠠᠤᠨ᠂ ᠠᠯᠢ ᠣᠯᠠᠨ ᠱᠠᠭ᠎ᠠ ᠬᠠᠮᠤᠭᠰᠠᠨ ᠨᠢ ᠬᠤᠠᠵᠢᠨ᠎ᠠ᠃ ᠳᠤᠭᠯᠠᠭᠠᠮ ᠳᠦᠷᠢᠮ ᠪᠠᠰᠠ ᠣᠯᠠᠨ ᠪᠣᠢ) ᠪᠠᠢ᠌ᠭᠰᠠᠨ᠃ ᠮᠠᠨ ᠤ ᠠᠢ᠌ᠯ ᠤᠨ ᠠᠪᠣ ᠶᠢᠨ ᠳᠤ 《ᠱᠠᠭ᠎ᠠ ᠬᠠᠷᠪᠣᠬᠤ》 ᠳᠤ ᠭᠡᠷᠡᠭᠯᠡᠳᠡᠭ᠌ ᠪᠠᠠᠳᠠᠩ᠂ ᠬᠠᠰᠢᠭᠤᠷ᠂ ᠰᠤᠮᠤ ᠪᠦᠷ ᠪᠠᠢ᠌ᠭᠰᠠᠨ᠃ ᠳᠡᠭᠦᠨ ᠶᠢᠡᠷ ᠨᠢ ᠪᠢᠳᠠ ᠬᠠᠶᠠ ᠨᠠᠭᠠᠳᠳᠠᠭ᠃ ᠮᠤᠩᠭ᠋ᠤᠯᠴᠤᠳ ᠮᠤᠷᠢ ᠪᠣᠰᠬᠠᠵᠤ ᠬᠠᠷᠪᠣᠳᠠᠭ ᠦᠭᠡᠶ᠂ ᠳᠡᠮᠡᠭᠡ ᠪᠣᠰᠬᠠᠭᠠᠤᠨ ᠬᠠᠷᠪᠣᠳᠠᠭ ᠭᠡᠭᠦ ᠭᠡᠯᠡᠯᠭᠡ ᠶᠢ ᠳᠠᠷᠠ ᠦᠶ᠎ᠡ ᠳᠤ ᠰᠤᠨᠤᠰᠴᠤ ᠪᠠᠢ᠌ᠭᠰᠠᠨ᠃ 《ᠳᠤᠩᠭ᠋ᠠᠯᠠᠭ ᠳᠠᠮᠢᠷ》 ᠳᠡᠭᠡᠷ᠎ᠡ᠂ ᠱᠠᠭ᠎ᠠ ᠳᠡᠭᠡᠷ᠎ᠡ ᠴᠣᠢ᠌ᠳᠠᠩ ᠤᠨ ᠳᠤᠯᠤᠭᠠᠢ ᠬᠤᠭᠤᠯᠤᠭᠠᠤᠨ ᠳᠠᠯᠪᠢᠬᠤ ᠳᠤ ᠬᠤᠩᠭ᠋ᠤᠷ ᠳᠤᠯᠠᠰ ᠭᠡᠳᠡᠯ᠎ᠡ ᠬᠠᠷᠪᠣᠵᠤ ᠪᠠᠢ᠌ᠯ᠎ᠠ ᠭᠡᠵᠤ ᠭᠠᠷᠳᠠᠭ ᠪᠢᠵᠠ ᠳ᠋ᠠ᠃ ᠱᠠᠭ᠎ᠠ ᠪᠠᠷ ᠨᠠᠭᠠᠳᠬᠤ ᠭᠡᠭ᠍ᠴᠢ ᠥᠨᠡᠭᠡᠷ ᠭᠦᠭ᠍ᠵᠢᠶᠡ᠊ᠨᠳᠡᠢ᠂ ᠨᠠᠷᠭᠢᠶᠠᠠᠳᠠᠢ᠂ ᠰᠠᠢ᠌ᠬᠠᠨ ᠨᠠᠭᠠᠳᠤᠮ ᠳᠤᠭᠯᠠᠭᠠᠮ ᠪᠣᠯᠬᠤ ᠶᠤᠮ᠃

ᠱᠠᠭ᠎ᠠ ᠣᠯᠠᠨ ᠪᠣᠯᠪᠠᠯ ᠨᠠᠭᠠᠳᠬᠤ ᠳᠤ ᠰᠠᠢ᠌ᠬᠠᠨ ᠪᠠᠢ᠌ᠳᠠᠭ᠃ ᠮᠠᠨᠤᠰ ᠡᠭᠢᠯᠡᠭᠡᠳ ᠪᠠᠭᠰᠢ ᠨᠡᠷ (ᠬᠡᠦᠬᠡᠳ ᠤᠳ) ᠶᠢᠡᠷ ᠶᠢᠡᠨ ᠳᠠᠮᠵᠢᠭᠤᠯᠵᠤ᠂ ᠭᠡᠷ ᠤᠨ ᠠᠬᠠᠮᠠᠤᠨ ᠲᠤ ᠭᠦᠮᠤᠨ ᠪᠣᠯᠭᠠᠨ ᠭᠡᠳᠤᠨ ᠱᠠᠭ᠎ᠠ ᠠᠪᠴᠢᠷᠠ ᠭᠡᠵᠤ ᠡᠭᠦᠷᠭᠡ ᠳᠤᠯᠭᠠᠳᠠᠭ ᠪᠠᠢ᠌ᠭᠰᠠᠨ᠃ ᠳᠡᠭᠡᠭᠡᠳ 1 ᠵᠢᠯ ᠪᠣᠯᠬᠤ ᠳᠤ ᠭᠡᠳᠤᠨ ᠵᠠᠭᠤᠨ ᠱᠠᠭ᠎ᠠ ᠴᠤᠭᠯᠠᠭᠤᠯᠤᠭᠰᠠᠨ᠃ ᠪᠢᠳᠠ ᠭᠡᠷ ᠤᠨ ᠠᠬᠠᠮᠠᠤᠨ ᠢ ᠣᠷᠢᠶᠠᠯᠠᠵᠤ (ᠴᠤᠭᠯᠠᠭᠤᠯᠵᠤ) ᠬᠤᠷᠠᠯ ᠭᠢᠭ᠍ᠰᠡᠨ᠃ ᠪᠠᠭᠰᠢ ᠨᠡᠷ ᠲᠠᠭᠠᠨ ᠳᠤᠰᠬᠠᠢ ᠱᠠᠭ᠎ᠠ ᠶᠢᠨ ᠳᠤᠬᠠᠢ ᠪᠣᠯᠪᠠᠰᠤᠷᠠᠯ ᠭᠢᠭ᠍ᠰᠡᠨ᠃ ᠭᠦᠳᠡᠭᠡ ᠶᠢᠨ ᠶᠤᠮ ᠦᠦ᠂ ᠬᠤᠳᠠ ᠳᠤ ᠪᠠᠢ᠌ᠭ᠎ᠠ ᠠᠬᠠᠮᠠᠳᠴᠤᠤᠯ ᠡᠴᠡ ᠱᠠᠭ᠎ᠠ ᠶᠢᠨ ᠳᠤᠬᠠᠢ ᠮᠡᠳᠡᠯᠭᠡ ᠮᠠᠳᠠᠴᠠ ᠬᠤᠷᠠᠮᠳᠤᠭᠤᠯᠤᠭᠰᠠᠨ᠃ ᠢᠩᠭᠢᠭᠡᠳ ᠣᠯᠠᠨ ᠳᠠᠯ᠎ᠠ ᠶᠢᠨ ᠳᠡᠮᠵᠢᠯᠭᠡ ᠴᠢᠷᠮᠠᠢ᠌ᠯᠭ᠎ᠠ ᠪᠠᠷ 2005 ᠣᠨ ᠪᠣᠯᠬᠤ ᠳᠤ ᠠᠩᠭᠢ ᠪᠦᠷᠢ ᠭᠡᠳᠤᠨ ᠵᠠᠭᠤᠨ ᠱᠠᠭ᠎ᠠ ᠲᠡᠶ ᠪᠣᠯᠵᠤ᠂ ᠳᠤᠭᠯᠠᠭᠠᠮ ᠤᠨ ᠳᠦᠷᠤᠯ ᠵᠣᠢ᠌ᠯ ᠨᠡᠮᠡᠭ᠍ᠳᠡᠵᠤ᠂ ᠬᠡᠦᠬᠡᠳ ᠤᠨ ᠣᠷᠮ᠎ᠠ ᠶᠢ ᠳᠠᠳᠠᠬᠤ ᠨᠢ ᠴᠤ ᠢᠯᠡᠭᠦᠤ ᠪᠣᠯᠤᠭᠰᠠᠨ᠃ ᠣᠳᠤ ᠪᠠᠭ᠎ᠠ ᠠᠩᠭᠢ ᠳᠤ 2 ᠵᠣᠢ᠌ᠯ ᠤᠨ ᠳᠤᠭᠯᠠᠭᠠᠮ᠂ ᠶᠡᠭᠡ ᠠᠩᠭᠢ ᠳᠤ 5 ᠵᠣᠢ᠌ᠯ ᠤᠨ ᠳᠤᠭᠯᠠᠭᠠᠮ ᠵᠢᠭᠠᠵᠤ ᠪᠠᠢ᠌ᠨ᠎ᠠ᠃ ᠪᠣᠯᠤᠯᠴᠠᠭ᠎ᠠ ᠲᠡᠶ ᠪᠣᠯ ᠪᠠᠭᠰᠢ ᠨᠡᠷ ᠦᠪᠡᠷ ᠤᠨ ᠰᠤᠷᠤᠭᠴᠢᠳ ᠤᠨ ᠶᠢᠡᠨ ᠪᠠᠢ᠌ᠳᠠᠯ ᠳᠤ ᠳᠤᠭᠢᠷᠠᠭᠤᠯᠤᠨ ᠢᠯᠡᠭᠦᠤ ᠭᠡᠳᠤᠨ (ᠥᠭᠡᠷ᠎ᠡ) ᠳᠤᠭᠯᠠᠭᠠᠮ ᠭᠢᠯᠭᠡᠭ᠍ᠰᠡᠨ ᠴᠤ ᠪᠣᠯᠤᠨ᠎ᠠ ᠭᠡᠭᠦ ᠠᠷᠭ᠎ᠠ᠂ ᠰᠠᠳᠭᠢᠴᠠ ᠶᠢ ᠬᠠᠮᠳᠤᠳᠠ ᠨᠢ ᠠᠪᠴᠤ ᠶᠠᠪᠣᠭᠳᠠᠭᠤᠯᠵᠤ ᠪᠠᠢ᠌ᠨ᠎ᠠ᠃ ᠣᠳᠤ ᠮᠠᠨ ᠤ ᠴᠡᠴᠡᠴᠷᠯᠢᠭ᠌ ᠤᠨ ᠠᠩᠭᠢ ᠪᠣᠯᠭᠠᠨ ᠳᠤ ᠭᠡᠳᠤᠨ ᠵᠠᠭᠤᠨ ᠱᠠᠭ᠎ᠠ ᠲᠡᠶ᠂ ᠪᠦᠭᠦ ᠨᠠᠢ᠌ᠳᠠ 2000 ᠱᠠᠭ᠎ᠠ ᠴᠤᠭᠯᠠᠭᠤᠯᠴᠢᠬᠠᠭᠠᠤᠨ ᠪᠣᠢ᠃ ᠭᠢᠳᠠᠤᠨ ᠭᠡᠯᠡᠨ ᠤ ᠠᠩᠭᠢ ᠶᠢᠨ ᠶᠢᠡᠨ ᠭᠢᠴᠢᠶᠠᠯ ᠭᠦᠮᠦᠵᠢᠯ᠂ ᠵᠢᠭᠠᠨ ᠰᠤᠷᠭᠠᠯᠳᠠ ᠳᠤ ᠴᠤ ᠪᠢᠳᠠ ᠱᠠᠭ᠎ᠠ ᠶᠢ ᠠᠰᠢᠭᠯᠠᠵᠤ ᠪᠠᠢ᠌ᠨ᠎ᠠ᠃

ᠱᠠᠭ᠎ᠠ ᠨᠢ ᠨᠢᠭᠡ ᠵᠣᠢ᠌ᠯ ᠤᠨ ᠳᠤᠭᠯᠠᠭᠠᠮ ᠪᠣᠯᠤᠭᠰᠠᠨ ᠤ ᠬᠤᠪᠢ ᠳᠤ᠂ ᠴᠡᠴᠡᠷᠯᠢᠭ᠌ ᠤᠨ ᠭᠢᠴᠢᠶᠠᠯ ᠤᠨ ᠭᠦᠳᠦᠯᠪᠦᠷᠢ ᠳ᠋ᠠᠭᠢ ᠬᠡᠦᠬᠡᠳ ᠤᠨ ᠣᠶᠤᠨ ᠤ ᠴᠢᠳᠠᠪᠣᠷᠢ ᠶᠢ ᠨᠡᠮᠡᠭ᠍ᠳᠡᠭᠦᠯᠭᠦ ᠱᠠᠭᠠᠷᠳᠠᠯᠭ᠎ᠠ ᠶᠢ ᠪᠦᠷᠢᠨ ᠬᠠᠩᠭ᠋ᠠᠵᠤ ᠳᠡᠢ᠌ᠯᠭᠦ ᠳᠠᠪᠠᠭᠤᠯᠢᠭ ᠲᠡᠶ᠃ ᠬᠤᠳᠠᠯᠳᠤᠭᠠᠨ ᠤ ᠳᠤᠭᠯᠠᠭᠠᠮ ᠪᠣᠯ ᠳᠤᠭᠳᠠᠭᠰᠠᠨ ᠭᠡᠯᠪᠠᠷᠢ ᠲᠡᠶ᠃ ᠨᠢᠭᠡ ᠨᠢ ᠭᠤᠷᠪᠠᠯᠵᠢᠨ ᠴᠤ ᠪᠣᠯᠤᠭ᠂ ᠳᠦᠷᠪᠠᠯᠵᠢᠨ ᠴᠤ ᠪᠣᠯᠤᠭ ᠨᠢᠭᠡ ᠯᠠ ᠭᠡᠯᠪᠠᠷᠢ ᠶᠢ ᠢᠯᠡᠳᠭᠡᠵᠤ ᠳᠠᠢ᠌ᠯᠤᠨ᠎ᠠ᠃ ᠱᠠᠭ᠎ᠠ ᠳᠦᠷᠪᠠᠨ ᠳᠠᠯ᠎ᠠ ᠲᠡᠶ᠃ ᠳᠦᠷᠪᠠᠨ ᠠᠳᠠᠯᠢ ᠪᠣᠰᠤ ᠭᠡᠯᠪᠠᠷᠢ᠂ ᠠᠳᠠᠯᠢ ᠪᠣᠰᠤ ᠨᠠᠷ᠎ᠠ ᠲᠡᠶ᠃ ᠱᠠᠭ᠎ᠠ ᠪᠠᠷ ᠳᠤᠭᠯᠠᠬᠤ ᠳᠤ ᠮᠤᠩᠭ᠋ᠤᠯ ᠭᠡᠯᠡ᠂ ᠳᠤᠭ᠎ᠠ ᠪᠣᠳᠤᠯᠭ᠎ᠠ ᠶᠢᠨ ᠮᠡᠳᠡᠯᠭᠡ ᠴᠢᠳᠠᠪᠣᠷᠢ ᠶᠢ ᠵᠡᠷᠭᠡᠪᠠᠷ ᠨᠡᠮᠡᠭ᠍ᠳᠡᠭᠦᠯᠵᠤ ᠳᠡᠭᠡᠭ᠍ᠰᠢᠯᠡᠭᠦᠯᠵᠤ ᠴᠢᠳᠠᠨ᠎ᠠ᠃ ᠳᠠᠪᠤᠨ ᠬᠤᠰᠢᠭᠤ ᠮᠠᠯ ᠶᠢᠡᠨ ᠨᠠᠷᠠᠯᠠᠵᠤ ᠳᠠᠨᠢᠵᠤ ᠪᠣᠯᠤᠨ᠎ᠠ᠂ ᠭᠡᠳᠤᠨ ᠮᠤᠷᠢ᠂ ᠭᠡᠳᠤᠨ ᠳᠡᠮᠡᠭᠡ ᠭᠡᠳ ᠳᠤᠭᠠᠯᠠᠵᠤ ᠪᠣᠯᠤᠨ᠎ᠠ᠂ ᠨᠠᠮᠠᠵᠤ ᠬᠠᠰᠤᠵᠤ ᠪᠣᠯᠤᠨ᠎ᠠ᠂ ᠵᠢᠭᠰᠠᠭᠠᠭᠠᠤᠨ ᠳᠠᠯᠪᠢᠪᠠᠯ ᠭᠡᠳᠤᠨ ᠬᠤᠨᠢ ᠭᠡᠳᠤᠨ ᠢᠮᠠᠭ᠎ᠠ ᠭᠡᠵᠤ ᠳᠤᠭᠠᠯᠠᠵᠤ ᠊᠊᠊᠊᠊᠊᠊᠊᠊᠊᠊᠊᠊᠊᠊ ᠢᠯᠭᠠᠵᠤ ᠰᠠᠯᠭᠠᠵᠤ᠂ ᠠᠯᠠᠭᠯᠠᠵᠤ ᠵᠢᠭᠰᠠᠭᠠᠭᠰᠠᠨ ᠵᠢᠮ᠎ᠠ ᠬᠠᠤᠯᠢ ᠶᠢ ᠨᠢ ᠮᠦᠷᠳᠠᠨ ᠭᠠᠷᠭᠠᠵᠤ ᠪᠣᠯᠤᠨ᠎ᠠ᠃ ᠡᠭᠦᠨ ᠳᠤ ᠠᠵᠢᠭᠯᠠᠵᠤ ᠰᠢᠡᠵᠢᠭᠦ ᠴᠢᠳᠠᠪᠣᠷᠢ ᠶᠢᠨ ᠳᠡᠭᠡᠭ᠍ᠰᠢᠯᠡᠯᠳᠡ ᠬᠤᠯᠪᠣᠭᠳᠠᠨ᠎ᠠ ᠠᠳᠤᠭᠤ ᠮᠠᠯ ᠭᠡᠳ ᠶᠠᠷᠢᠬᠤᠯᠠᠷ ᠬᠡᠦᠬᠡᠳ ᠰᠤᠨᠢᠷᠬᠠᠯ ᠲᠡᠶ ᠣᠷᠮ᠎ᠠ ᠲᠡᠶ ᠪᠣᠯᠤᠨ᠎ᠠ᠃ ᠳᠡᠳᠡᠭᠡᠷ ᠢ ᠯᠠᠪᠳᠠᠭᠤᠨ ᠳᠠᠢ᠌ᠪᠣᠭᠤᠨ (ᠲ᠋ᠤᠭᠳᠠᠭᠤᠨ) ᠢᠯᠭᠠᠵᠤ ᠰᠠᠯᠭᠠᠬᠤ ᠳᠠᠭᠠᠭᠠᠴᠠ ᠲᠡᠶ ᠪᠣᠯᠤᠨ᠎ᠠ᠂ ᠰᠡᠳᠭᠢᠯ ᠳᠦᠪᠯᠡᠷᠡᠭᠦ ᠨᠢ ᠰᠠᠢ᠌ᠨ ᠪᠣᠯᠤᠨ᠎ᠠ᠂ ᠱᠠᠭ᠎ᠠ ᠪᠠᠨ ᠪᠣᠳᠤᠴᠢᠬᠠᠪᠠᠯ ᠥᠩᠭᠡ ᠢᠯᠭᠠᠵᠤ ᠪᠣᠯᠤᠨ᠎ᠠ᠂ ᠭᠦᠭ᠍ᠵᠢᠮ ᠤᠨ ᠨᠤᠲ᠋ ᠶᠢᠡᠷ ᠵᠢᠭᠰᠠᠭᠠᠪᠠᠯ ᠴᠤᠭᠢᠯᠭ᠎ᠠ ᠳᠠᠭᠠᠷᠠᠭᠤᠯᠵᠤ ᠪᠣᠯᠤᠨ᠎ᠠ᠃ ᠪᠣᠳᠠᠳᠠᠢ ᠶᠠᠭᠤᠮ᠎ᠠ ᠪᠠᠷ ᠣᠴᠢᠵᠤ ᠡᠨᠠ ᠪᠦᠭᠦᠨ ᠢ ᠬᠡᠦᠬᠡᠳ ᠲᠤ ᠣᠢ᠌ᠯᠠᠭᠤᠯᠬᠤ ᠳᠤ ᠬᠡᠦᠬᠡᠳ ᠤᠳ ᠭᠦᠯᠢᠶᠡᠨ ᠠᠪᠬᠤ ᠨᠢ ᠢᠯᠡᠭᠦᠤ᠂ ᠳᠦᠷᠭᠡᠨ᠃ ᠬᠠᠮᠤᠭ ᠤᠨ ᠳᠦᠭᠦᠮ ᠳᠤᠭᠯᠠᠭᠠᠮ ᠊᠊᠊᠊᠊᠊᠊᠊᠊᠊᠊᠊᠊᠊᠊ ᠱᠠᠭ᠎ᠠ ᠨᠢᠰᠠᠯᠬᠤ᠂ ᠠᠳᠬᠤᠬᠤ᠂ ᠣᠷᠪᠠᠭᠤᠯᠬᠤ ᠪᠠᠷ ᠪᠣᠳᠤᠬᠤ ᠳᠤ᠂ ᠬᠡᠦᠬᠡᠳ ᠤᠨ ᠭᠠᠷ ᠬᠤᠷᠤᠭᠤ ᠪᠠᠨ ᠰᠠᠯᠭᠠᠵᠤ ᠭᠡᠷᠡᠭᠯᠡᠭᠦ ᠴᠢᠳᠠᠪᠣᠷᠢ ᠨᠡᠮᠡᠭ᠍ᠳᠡᠨ᠎ᠡ᠃ ᠭᠠᠷ ᠤᠨ ᠡᠯ᠎ᠡ ᠭᠡᠰᠡᠭ᠌ ᠤᠨ ᠪᠣᠯᠴᠢᠩ ᠤᠨ ᠭᠦᠭ᠍ᠵᠢᠯᠳᠡ ᠶᠢ ᠰᠠᠢ᠌ᠵᠢᠷᠠᠭᠤᠯᠤᠨ᠎ᠠ᠃ 《ᠮᠤᠷᠢ ᠣᠷᠤᠯᠳᠤᠬᠤ》 ᠵᠡᠷᠭᠡ ᠱᠠᠭ᠎ᠠ ᠳᠤᠭᠯᠠᠭᠠᠮ ᠪᠣᠶᠤ 《ᠪᠣᠭᠤ》 ᠮᠠᠳᠤ ᠶᠢᠨ ᠪᠣᠰᠤᠳ ᠳᠤᠭᠯᠠᠭᠠᠮ ᠢ ᠳᠤᠭᠯᠠᠬᠤ ᠳᠤ᠂ ᠬᠡᠦᠬᠡᠳ ᠤᠨ ᠣᠷᠤᠯᠳᠤᠬᠤ ᠮᠦᠷᠥᠢᠴᠡᠭᠦ᠂ ᠰᠤᠷᠤᠯᠴᠠᠬᠤ ᠦᠷᠢᠰᠦᠯᠳᠦᠭᠦ᠂ ᠬᠠᠪᠰᠤᠷᠤᠯᠴᠠᠬᠤ ᠬᠠᠮᠵᠢᠯᠴᠠᠬᠤ ᠵᠤᠷᠢᠭ ᠰᠠᠨᠠᠭ᠎ᠠ ᠨᠢ ᠠᠶᠠᠠᠳᠠᠭᠠᠨ ᠭᠦᠮᠦᠵᠢᠭ᠍ᠳᠡᠵᠤ ᠳᠠᠢ᠌ᠯᠤᠨ᠎ᠠ᠃

ᠮᠠᠨ ᠤ ᠪᠠᠭᠰᠢ ᠨᠡᠷ ᠭᠢᠴᠢᠶᠠᠯ ᠪᠡᠯᠡᠳᠭᠡᠭᠦ ᠳᠡᠭᠡᠨ ᠦᠪᠡᠷᠰᠠᠤᠨ ᠶᠢᠡᠨ ᠣᠯᠠᠨ ᠵᠣᠢ᠌ᠯ ᠤᠨ ᠪᠠᠭᠠᠵᠢ ᠭᠡᠷᠡᠭ᠍ᠰᠡᠯ ᠪᠠᠯᠡᠳᠭᠦ ᠭᠡᠷᠡᠭ᠌ ᠲᠡᠶ᠃ ᠡᠨᠡᠭᠦ ᠣᠯᠠᠨ ᠵᠣᠢ᠌ᠯ ᠤᠨ ᠪᠠᠭᠠᠵᠢ ᠭᠡᠷᠡᠭ᠍ᠰᠡᠯ ᠢ ᠪᠠᠯᠡᠳᠭᠦ ᠭᠡᠳ ᠣᠢ᠌ᠯᠠ ᠪᠠᠨ ᠪᠠᠷᠠᠳᠠᠭ ᠪᠠᠢ᠌ᠭᠰᠠᠨ᠃ ᠱᠠᠭ᠎ᠠ ᠶᠢ ᠳᠤᠭ᠎ᠠ ᠪᠣᠳᠤᠯᠭ᠎ᠠ᠂ ᠭᠡᠯᠡ ᠪᠢᠴᠢᠭ᠌ ᠵᠡᠷᠭᠡ ᠣᠯᠠᠨ ᠭᠢᠴᠢᠶᠠᠯ ᠳᠤ ᠠᠰᠢᠭᠯᠠᠭᠰᠠᠨ ᠡᠴᠡ ᠪᠠᠭᠰᠢ ᠨᠡᠷ ᠤᠨ ᠳᠠᠷᠤᠭᠠᠰᠤ ᠶᠢ ᠶᠡᠭᠡᠪᠠᠷ ᠭᠦᠩᠭᠡᠷᠡᠭᠦᠯᠦᠭ᠍ᠰᠡᠨ᠃ ᠱᠠᠭ᠎ᠠ ᠳᠤᠭᠯᠠᠭᠠᠮ ᠨᠢ ᠮᠠᠨ ᠤ ᠴᠡᠴᠡᠷᠯᠢᠭ᠌ ᠤᠨ ᠭᠡᠷ ᠤᠨ ᠠᠬᠠᠮᠠᠤᠨ᠂ ᠬᠡᠦᠬᠡᠳ᠂ ᠪᠠᠭᠰᠢ ᠨᠡᠷ ᠤᠨ ᠬᠠᠮᠵᠢᠯᠴᠠᠭ᠎ᠠ ᠶᠢ ᠣᠯᠠᠮ ᠨᠢᠭᠳᠠᠷᠠᠭᠤᠯᠤᠭᠰᠠᠨ ᠭᠡᠵᠤ ᠭᠡᠯᠡᠵᠤ ᠪᠣᠯᠤᠨ᠎ᠠ᠃ ᠭᠡᠷ ᠤᠨ ᠠᠬᠠᠮᠠᠤᠨ ᠤᠨ ᠳᠡᠮᠵᠢᠯᠭᠡ ᠦᠭᠡᠶ ᠪᠣᠯ ᠪᠢᠳᠠ ᠡᠨᠠ ᠠᠵᠢᠯ ᠢ ᠭᠢᠵᠤ ᠳᠡᠢ᠌ᠯᠭᠦ ᠦᠭᠡᠶ ᠨᠢ ᠯᠠᠪᠳᠠᠢ᠃ ᠪᠢᠳᠠ ᠪᠠᠰᠠ ᠭᠡᠷ ᠤᠨ ᠠᠬᠠᠮᠠᠤᠨ ᠤᠨ ᠰᠠᠨᠠᠯ ᠢ ᠣᠢ᠌ᠯᠠᠭᠠᠵᠤ ᠥᠩᠭᠡᠷᠡᠭ᠍ᠰᠡᠨ᠃ ᠬᠡᠦᠬᠡᠳ ᠨᠢ ᠭᠡᠷ ᠲᠡᠭᠡᠨ ᠬᠠᠷᠢᠭᠠᠤᠨ ᠱᠠᠭ᠎ᠠ ᠨᠠᠭᠠᠳᠬᠤ ᠪᠠᠷ ᠨᠢ ᠵᠠᠯᠠᠭᠤ ᠡᠴᠢᠭᠡ ᠡᠭᠡ ᠨᠢ᠄ 《ᠶᠠᠮᠠᠷ ᠰᠠᠢ᠌ᠬᠠᠨ ᠳᠤᠭᠯᠠᠭᠠᠮ ᠰᠤᠷᠤᠭᠠᠤᠨ ᠢᠷᠡᠭ᠍ᠰᠡᠨ ᠶᠤᠮ》 ᠭᠡᠵᠤ ᠭᠠᠢ᠌ᠬᠠᠭᠠᠤᠨ᠂ ᠦᠪᠡᠷᠰᠠᠤᠨ ᠶᠢᠡᠨ ᠴᠤ ᠱᠠᠭ᠎ᠠ ᠪᠠᠷ ᠳᠤᠭᠯᠠᠵᠤ ᠰᠤᠷᠴᠤ ᠪᠠᠢ᠌ᠨ᠎ᠠ ᠭᠡᠰᠡᠨ ᠴᠢᠮᠡᠭᠡ ᠴᠤ ᠪᠣᠢ᠃ ᠡᠭᠦᠨ ᠡᠴᠡ ᠥᠵᠡᠭᠦ ᠳᠤ᠂ ᠪᠢᠳᠠ ᠦᠨᠳᠦᠰᠦᠳᠠᠨ ᠤ ᠪᠠᠨ ᠢᠵᠠᠭᠤᠷ ᠰᠤᠶᠤᠯ ᠢ ᠭᠡᠷ ᠪᠦᠯᠢ ᠳᠤ ᠣᠷᠤᠳᠠᠯ᠎ᠠ ᠣᠯᠠᠮᠵᠢᠯᠠᠵᠤ ᠪᠠᠢ᠌ᠨ᠎ᠠ ᠭᠡᠵᠤ ᠭᠡᠯᠡᠵᠤ ᠪᠣᠯᠤᠨ᠎ᠠ᠃ ᠮᠠᠨ ᠤ ᠴᠡᠴᠡᠷᠯᠢᠭ᠌ ᠢᠲ᠋ᠠᠯᠢ ᠶᠢᠨ 《ᠮᠤᠠᠲ᠋ᠸᠰᠤᠷᠢ》᠂ ᠳᠠᠢ᠌ᠸᠠᠨ ᠤ 《ᠣᠯᠠᠨ ᠡᠰᠢᠴᠢᠯᠡᠭ᠍ᠰᠡᠨ ᠣᠶᠤᠨ ᠤ ᠭᠦᠮᠦᠵᠢᠯ》᠂ 《ᠣᠤᠹᠦ᠋ ᠳᠠᠭᠤᠤ ᠭᠦᠭ᠍ᠵᠢᠮ ᠤᠨ ᠭᠢᠴᠢᠶᠠᠯ》 ᠵᠡᠷᠭᠡ ᠴᠡᠴᠡᠷᠯᠢᠭ᠌ ᠤᠨ ᠵᠢᠭᠠᠨ ᠰᠤᠷᠭᠠᠯᠳᠠ ᠶᠢᠨ ᠳᠠᠪᠰᠢᠭᠰᠠᠨ ᠠᠷᠭ᠎ᠠ ᠶᠢ ᠣᠷᠤᠭᠤᠯᠵᠤ ᠠᠪᠴᠢᠷᠠᠭᠰᠠᠨ᠃ ᠡᠳᠡᠭᠡᠷ ᠲᠡᠭᠡᠨ ᠱᠠᠭ᠎ᠠ ᠶᠢᠨ ᠳᠤᠭᠯᠠᠭᠠᠮ ᠤᠨ ᠭᠡᠯᠪᠠᠷᠢ ᠶᠢ ᠨᠢ ᠬᠤᠪᠢᠷᠠᠭᠤᠯᠤᠨ ᠣᠶᠠᠯᠳᠤᠭᠤᠯᠵᠤ ᠭᠡᠷᠡᠭᠯᠡᠵᠤ ᠪᠠᠢ᠌ᠨ᠎ᠠ᠃ ᠠᠭᠤᠯᠭ᠎ᠠ ᠶᠢᠨ ᠬᠤᠪᠢ ᠳᠤ ᠪᠣᠯ ᠪᠦᠷᠢᠨ ᠠᠪᠴᠠᠯᠳᠤᠵᠤ ᠪᠣᠯᠤᠨ᠎ᠠ᠃ ᠦᠷ᠎ᠡ ᠠᠰᠢᠭ ᠶᠢᠡᠷ ᠴᠤ ᠨᠠᠯᠢᠶᠠᠤᠨ ᠵᠥᠭᠡᠷ ᠪᠠᠢ᠌ᠨ᠎ᠠ᠃

ᠱᠠᠭ᠎ᠠ ᠭᠡᠳᠡᠭ᠌ ᠴᠢᠨᠢ ᠵᠢᠩᠭᠢᠨᠢ ᠮᠤᠩᠭ᠋ᠤᠯ ᠳᠤᠭᠯᠠᠭᠠᠮ᠃ ᠱᠠᠭ᠎ᠠ ᠶᠢᠨ ᠳᠤᠳᠤᠷ᠎ᠠ ᠨᠢᠭᠤᠭᠳᠠᠵᠤ ᠪᠠᠢ᠌ᠭ᠎ᠠ ᠵᠣᠢ᠌ᠯ ᠣᠯᠠᠨ ᠪᠠᠢ᠌ᠨ᠎ᠠ᠂ ᠭᠡᠷᠡᠭ᠍ᠴᠡᠭᠡ ᠴᠤ ᠦᠷᠭᠡᠨ ᠳᠡᠯᠭᠡᠷ ᠪᠠᠢ᠌ᠳᠠᠭ᠃ ᠳᠡᠭᠦᠪᠠᠷ ᠳᠤᠭ᠎ᠠ ᠳᠤᠭᠠᠯᠠᠬᠤ᠂ ᠥᠭᠡ ᠶᠠᠷᠢᠶ᠎ᠠ᠂ ᠭᠡᠯᠪᠠᠷᠢ ᠳᠦᠷᠰᠤ᠂ ᠥᠩᠭᠡ ᠢᠯᠭᠠᠭᠤᠯᠬᠤ᠂ ᠳᠠᠭᠤᠤ ᠭᠦᠭ᠍ᠵᠢᠮ ᠤᠨ ᠭᠦᠮᠦᠵᠢᠯ ᠵᠡᠷᠭᠡ ᠳᠤ ᠨᠠᠢ᠌ᠳᠠᠮ ᠠᠰᠢᠭᠯᠠᠵᠤ ᠪᠣᠯᠤᠨ᠎ᠠ᠃

ᠱᠠᠭ᠎ᠠ ᠪᠠᠷ ᠮᠤᠷᠢ ᠣᠷᠤᠯᠳᠤᠭᠤᠯᠬᠤ ᠳᠤ ᠯᠠ ᠬᠡᠦᠬᠡᠳ ᠤᠨ ᠮᠥᠴᠡᠭᠡᠷᠭᠡᠭᠦ ᠣᠷᠮᠠᠰ ᠨᠢ ᠭᠦᠭ᠍ᠵᠢᠭᠡᠳ ᠢᠷᠡᠳᠡᠭ᠌᠃ ᠳᠡᠭᠡᠷ᠎ᠡ ᠭᠡᠯᠡᠭ᠍ᠰᠡᠨ ᠮᠠᠳᠤ ᠱᠠᠭ᠎ᠠ ᠭᠡᠭ᠍ᠴᠢ ᠵᠢᠩᠭᠢᠨᠢ ᠪᠠᠢ᠌ᠭᠠᠯᠢᠯᠢᠭ ᠶᠠᠭᠤᠮ᠎ᠠ᠂ ᠬᠤᠤᠷ ᠭᠦᠨᠦᠭᠡᠯ ᠦᠭᠡᠶ᠂ ᠬᠡᠦᠬᠡᠳ ᠠᠪᠣᠭᠠᠤᠨ ᠡᠮᠭᠦᠭ᠍ᠰᠡᠨ ᠴᠤ ᠬᠤᠤᠷ ᠪᠣᠯᠬᠤ ᠦᠭᠡᠶ᠃ ᠪᠠᠰᠠ ᠶᠠᠰᠤ ᠪᠠᠷ ᠭᠢᠭ᠍ᠰᠡᠨ ᠶᠠᠭᠤᠮ᠎ᠠ ᠪᠠᠷᠤᠭᠳᠠᠢ ᠳᠤ ᠊ᠭ᠍‍ᠬᠢᠷ ᠨᠠᠭᠠᠯᠳᠤᠬᠤ ᠦᠭᠡᠶ᠂ ᠠᠷᠢᠭᠤᠨ ᠴᠠᠪᠠᠷ ᠤᠨ ᠳᠠᠯ᠎ᠠ ᠪᠠᠷ ᠪᠣᠰᠤᠳ ᠳᠤᠭᠯᠠᠭᠠᠮ ᠡᠴᠡ ᠬᠤᠯᠠ ᠳᠠᠪᠠᠨ᠎ᠠ᠂ ᠦᠪᠡᠷ ᠤᠨ ᠦᠷᠳᠡᠭ᠌ ᠴᠤ ᠳᠤᠤᠷ᠎ᠠ᠃ ᠪᠢᠨ ᠶᠠᠷᠤᠨᠢ ᠴᠡᠴᠡᠷᠯᠢᠭ᠌ ᠲᠡᠭᠡᠨ ᠮᠤᠩᠭ᠋ᠤᠯ ᠰᠢᠳᠠᠷ᠎ᠠ ᠶᠢ ᠳᠡᠯᠭᠡᠷᠡᠭᠦᠯᠵᠤ ᠠᠰᠢᠭᠯᠠᠬᠤ ᠲᠦᠯᠦᠪᠯᠡᠭᠡ ᠲᠡᠶ ᠪᠠᠢ᠌ᠭᠰᠠᠨ᠃ ᠭᠡᠪᠠᠴᠤ ᠰᠢᠳᠠᠷ᠎ᠠ ᠪᠣᠯ ᠨᠠᠯᠢᠶᠠᠤᠨ ᠳᠤᠮᠤ ᠬᠡᠦᠬᠡᠳ ᠲᠤ ᠳᠤᠭᠢᠷᠠᠬᠤ ᠪᠦᠭᠡᠳ ᠳᠡᠭᠦᠨ ᠢ ᠳᠤᠭᠯᠠᠬᠤ ᠳᠤ ᠶᠤᠰᠤ ᠭᠤᠷᠢᠮ ᠨᠢ ᠨᠠᠯᠢᠶᠠᠤᠨ ᠳᠤᠭᠳᠠᠩᠭ᠋ᠤᠢ ᠳᠤᠯᠠ ᠣᠯᠠᠷᠢᠭᠤᠯᠤᠨ ᠭᠡᠷᠡᠭᠯᠡᠭᠦ ᠪᠣᠯᠤᠮᠵᠢ ᠨᠥᠭᠦᠴᠡᠯ ᠴᠥᠭᠡᠨ᠃ ᠳᠡᠭᠡᠭᠦ ᠪᠠᠷ ᠱᠠᠭ᠎ᠠ ᠳᠤᠭᠯᠠᠭᠠᠮ ᠪᠣᠯ ᠬᠠᠷᠢᠴᠠᠯᠠᠰᠢ ᠦᠭᠡᠶ ᠳᠠᠪᠠᠭᠤᠯᠢᠭ ᠳᠠᠯ᠎ᠠ ᠪᠠᠨ ᠢᠯᠡᠷᠡᠭᠦᠯᠵᠤ ᠪᠠᠢ᠌ᠨ᠎ᠠ᠃ ᠳᠡᠭᠦᠨ ᠢ ᠳᠤᠭᠯᠠᠬᠤ ᠳᠤ ᠨᠠᠰᠤᠨ ᠤ ᠭᠢᠵᠠᠭᠠᠷ ᠦᠭᠡᠶ᠃ ᠪᠦᠷᠢᠮᠰᠤᠨ ᠵᠢᠭᠠᠨ ᠰᠤᠷᠭᠠᠯᠳᠠ ᠶᠢᠨ ᠪᠠᠭᠠᠵᠢ ᠭᠡᠷᠡᠭ᠍ᠰᠡᠯ ᠤᠨ ᠬᠤᠪᠢ ᠪᠠᠷ ᠭᠡᠷᠡᠭᠯᠡᠵᠤ ᠪᠣᠯᠤᠨ᠎ᠠ᠃ ᠳᠡᠭᠦᠪᠠᠷ ᠣᠯᠠᠮᠵᠢᠯᠠᠯᠳᠤ ᠰᠤᠶᠤᠯ᠂ ᠠᠮᠢᠳᠤᠷᠠᠯ ᠤᠨ ᠭᠦᠮᠦᠵᠢᠯ ᠭᠢᠵᠤ ᠪᠣᠯᠬᠤ ᠪᠦᠭᠡᠳ ᠰᠢᠨ᠎ᠠ ᠴᠠᠭ ᠤᠨ ᠮᠡᠳᠡᠯᠭᠡ ᠮᠠᠳᠠᠴᠠ ᠶᠢ ᠣᠯᠠᠮᠵᠢᠯᠠᠬᠤ ᠳᠤ ᠴᠤ ᠦᠷᠭᠡᠨ ᠶᠢᠡᠷ ᠭᠡᠷᠡᠭᠯᠡᠵᠤ᠂ ᠪᠠᠭᠠᠵᠢ ᠭᠡᠷᠡᠭ᠍ᠰᠡᠯ ᠤᠨ ᠬᠤᠪᠢ ᠪᠠᠷ ᠴᠤ ᠵᠠᠷᠤᠵᠤ ᠪᠣᠯᠳᠠᠭ᠃ ᠮᠠᠨ ᠤ ᠴᠡᠴᠡᠷᠯᠢᠭ᠌ ᠨᠢ ᠣᠳᠤᠬᠠᠨ ᠳᠤ ᠳᠤᠰᠬᠠᠢ᠌ᠯᠠᠨ ᠱᠠᠭ᠎ᠠ ᠶᠢᠨ ᠭᠢᠴᠢᠶᠠᠯ ᠭᠡᠵᠤ ᠳᠤᠭᠢᠷᠠᠭᠤᠯᠤᠭ᠎ᠠ ᠦᠭᠡᠶ᠃ ᠭᠡᠪᠠᠴᠤ ᠱᠠᠭ᠎ᠠ ᠶᠢ ᠪᠣᠰᠤᠳ ᠭᠢᠴᠢᠶᠠᠯ ᠳᠤ ᠪᠠᠭᠠᠵᠢ ᠭᠡᠷᠡᠭ᠍ᠰᠡᠯ᠂ ᠨᠠᠭᠠᠳᠤᠮ ᠳᠤᠭᠯᠠᠭᠠᠮ ᠤᠨ ᠬᠤᠪᠢ ᠪᠠᠷ ᠦᠷᠭᠡᠨ ᠭᠡᠷᠡᠭᠯᠡᠵᠤ ᠪᠠᠢ᠌ᠨ᠎ᠡ᠂᠂ ᠦᠷ᠎ᠡ ᠪᠦᠳᠦᠮᠵᠢ ᠨᠢ ᠴᠤ ᠮᠠᠰᠢ ᠰᠠᠢ᠌ᠨ ᠪᠠᠢ᠌ᠨ᠎ᠠ᠃

ᠡᠭᠦᠨ ᠡᠴᠡ ᠪᠢᠳᠠ ᠱᠠᠭ᠎ᠠ ᠪᠠᠷ ᠣᠯᠠᠮᠵᠢᠯᠠᠯᠳᠤ ᠰᠤᠶᠤᠯ᠂ ᠠᠮᠢᠳᠤᠷᠠᠯ ᠤᠨ ᠭᠦᠮᠦᠵᠢᠯ ᠭᠢᠵᠤ ᠪᠣᠯᠬᠤ ᠪᠦᠭᠡᠳ ᠰᠢᠨ᠎ᠠ ᠴᠠᠭ ᠤᠨ ᠮᠡᠳᠡᠯᠭᠡ ᠮᠠᠳᠠᠴᠠ ᠶᠢ ᠣᠯᠠᠮᠵᠢᠯᠠᠬᠤ ᠳᠤ ᠴᠤ ᠱᠠᠭ᠎ᠠ ᠶᠢ ᠦᠷᠭᠡᠨ ᠭᠡᠷᠡᠭᠯᠡᠵᠤ᠂ ᠪᠠᠭᠠᠵᠢ ᠭᠡᠷᠡᠭ᠍ᠰᠡᠯ ᠤᠨ ᠬᠤᠪᠢ ᠪᠠᠷ ᠵᠠᠷᠤᠵᠤ ᠪᠣᠯᠳᠠᠭ ᠪᠠᠢ᠌ᠨ᠎ᠠ ᠭᠡᠰᠡᠨ ᠶᠤᠰᠤ ᠣᠴᠢᠷ ᠢ ᠣᠯᠠᠮ ᠨᠢᠭᠡᠨ ᠠᠯᠬᠤᠮ ᠮᠠᠳᠠᠵᠤ ᠠᠪᠴᠤ ᠪᠣᠯᠬᠤ ᠪᠠᠢ᠌ᠬ᠎ᠠ᠃

ᠬᠣᠢ᠌ᠰᠢᠳᠠ ᠪᠢᠳᠡ ᠡᠨᠡᠭᠦ ᠦᠨᠳᠦᠰᠦᠳᠠᠨ ᠤ ᠢᠵᠠᠭᠤᠷ ᠰᠤᠶᠤᠯ ᠶᠢᠡᠨ ᠣᠯᠠᠮ ᠨᠢᠭᠡ ᠠᠯᠬᠤᠮ ᠰᠢᠡᠵᠢᠯᠡᠭᠦ ᠣᠬᠠᠭᠠᠠᠴᠢ ᠪᠠᠷ ᠠᠭᠤᠳᠠᠯᠵᠤ᠂ ᠳᠤᠭᠯᠠᠭᠠᠮ ᠤᠨ ᠳᠦᠷᠤᠯ ᠵᠣᠢ᠌ᠯ ᠢ ᠣᠯᠠᠰᠢᠷᠠᠭᠤᠯᠬᠤ ᠪᠠᠷ ᠪᠠᠷᠠᠬᠤ ᠦᠭᠡᠶ᠂ ᠳᠡᠭᠦᠨ ᠳᠤ ᠠᠭᠤᠯᠤᠭᠳᠠᠵᠤ ᠪᠠᠢ᠌ᠭ᠎ᠠ ᠰᠤᠶᠤᠯ ᠵᠠᠩ ᠣᠢ᠌ᠯᠠ ᠶᠢᠨ ᠠᠭᠤᠯᠬᠤᠨ ᠢ ᠴᠤ ᠵᠢᠭᠠᠨ ᠰᠤᠷᠭᠠᠯᠳᠠ ᠳᠠᠭᠠᠨ ᠠᠰᠢᠭᠯᠠᠬᠤ ᠪᠠᠷ ᠴᠢᠷᠮᠠᠢ᠌ᠵᠤ ᠪᠠᠢ᠌ᠨ᠎ᠠ᠃ ᠳᠠᠭᠢᠪᠠᠯ᠂ ᠱᠠᠭ᠎ᠠ ᠶᠢᠨ ᠵᠢᠭᠠᠨ ᠰᠤᠷᠭᠠᠯᠳᠠ ᠶᠢᠨ ᠳᠤᠬᠠᠢ ᠥᠰᠦᠭ᠌ ᠵᠢᠷᠤᠭ ᠬᠠᠪᠰᠤᠷᠭᠠᠭᠰᠠᠨ ᠨᠤᠮ ᠭᠠᠷᠭᠠᠬᠤ ᠰᠠᠨᠠᠭ᠎ᠠ ᠲᠡᠶ᠂ ᠣᠳᠤ ᠡᠭᠢᠯᠠᠵᠤ ᠪᠡᠯᠡᠳᠭᠡᠯ ᠠᠵᠢᠯ ᠶᠢᠡᠨ ᠭᠢᠵᠤ ᠪᠠᠢ᠌ᠨ᠎ᠠ᠂ ᠡᠢ᠌ᠮᠤ ᠨᠤᠮ ᠭᠠᠷᠪᠠᠯ ᠱᠠᠭ᠎ᠠ ᠶᠢᠨ ᠳᠤᠭᠯᠠᠭᠠᠮ ᠢ ᠰᠤᠷᠭᠠᠭᠤᠯᠢ ᠶᠢᠨ ᠭᠦᠷᠢᠶᠡᠨ ᠳᠤ ᠣᠷᠤᠭᠤᠯᠬᠤ ᠳᠤ ᠭᠠᠷ ᠠᠪᠣᠯᠭ᠎ᠠ ᠲᠡᠶ ᠪᠣᠯᠤᠨ᠎ᠠ᠃

ᠱᠠᠭ᠎ᠠ ᠭᠡᠵᠤ ᠠᠷᠢᠭᠤᠨ ᠳᠠᠷᠬᠠᠨ ᠳᠤᠭᠯᠠᠭᠠᠮ᠃

ᠱᠠᠭ᠎ᠠ ᠪᠣᠯ ᠮᠤᠩᠭ᠋ᠤᠯ ᠰᠤᠶᠤᠯ ᠤᠨ ᠨᠢᠭᠡᠨ ᠳᠠᠯᠠᠰᠳᠤ᠃

ᠮᠤᠩᠭ᠋ᠤᠯ ᠰᠤᠶᠤᠯ ᠪᠣᠯ ᠳᠡᠯᠭᠡᠷ ᠪᠠᠶᠠᠨ ᠰᠤᠶᠤᠯ᠂ ᠡᠯᠳᠡᠩ ᠦᠣᠡᠭᠡᠷᠭᠡᠭ᠌ ᠰᠤᠶᠤᠯ᠃ ᠡᠨᠡᠭᠦ ᠳᠡᠯᠭᠡᠷ ᠪᠠᠶᠠᠨ᠂ ᠡᠯᠳᠡᠩ ᠦᠣᠡᠭᠡᠷᠭᠡᠭ᠌ ᠰᠤᠶᠤᠯ ᠶᠢᠡᠨ ᠪᠢᠳᠠ ᠮᠠᠷᠳᠠᠵᠤ ᠊᠊᠊᠊᠊᠊᠊᠊᠊᠊᠊᠊᠊᠊᠊ ᠭᠡᠭᠡᠵᠤ ᠣᠷᠭᠢᠵᠤ ᠶᠠᠭᠠᠭᠢᠭᠰᠠᠨ ᠴᠤ ᠪᠣᠯᠬᠤ ᠦᠭᠡᠶ᠃ ᠣᠯᠠᠮᠵᠢᠯᠠᠨ ᠵᠠᠯᠭᠠᠮᠵᠢᠯᠠᠬᠤ ᠭᠡᠷᠭᠡᠳᠡᠢ ᠣᠯᠠᠮᠯᠠᠨ ᠳᠡᠯᠭᠡᠷᠡᠭᠦᠯᠭᠦ ᠴᠤ ᠭᠡᠷᠡᠭ᠍ᠳᠡᠢ᠃ ᠡᠨᠡᠭᠦ ᠠᠵᠢᠯ ᠢ ᠪᠢᠳᠠ ᠬᠡᠦᠬᠡᠳ ᠲᠤ᠂ ᠬᠡᠦᠬᠡᠳ ᠤᠨ ᠴᠡᠴᠡᠷᠯᠢᠭ᠌ ᠲᠤ ᠪᠠᠢ᠌ᠬᠤ ᠦᠶ᠎ᠡ ᠡᠴᠡ ᠨᠢ ᠮᠡᠳᠡᠭᠦᠯᠤᠨ ᠳᠠᠨᠢᠭᠤᠯᠬᠤ ᠴᠢᠬᠤᠯᠠᠳᠠᠢ︕ ᠡᠨᠡ ᠪᠣᠯ ᠪᠢᠳᠠᠨ ᠤ ᠵᠠᠢ᠌ᠯᠠᠭᠤᠯᠵᠤ ᠪᠣᠯᠤᠰᠢ ᠦᠭᠡᠶ ᠠᠷᠢᠭᠤᠨ ᠳᠠᠷᠬᠠᠨ ᠡᠭᠦᠷᠭᠡ ᠬᠠᠷᠢᠭᠤᠴᠠᠯᠭ᠎ᠠ︕ ᠡᠭᠦᠨ ᠢ ᠪᠢᠳᠠ ᠬᠡᠦᠬᠡᠳ ᠤᠨ ᠴᠡᠴᠡᠷᠯᠢᠭ᠌ ᠲᠤ᠂ ᠬᠡᠦᠬᠡᠳ ᠤᠳ ᠲᠤ ᠠᠮᠢᠳᠤᠷᠠᠯ ᠣᠷᠴᠢᠨ᠂ ᠨᠠᠭᠠᠳᠤᠮ ᠳᠤᠭᠯᠠᠭᠠᠮ ᠤᠨ ᠭᠢᠨᠢ ᠳᠤᠮᠳᠠ ᠮᠡᠳᠡᠭᠦᠯᠤᠨ ᠰᠤᠷᠭᠠᠬᠤ ᠪᠣᠯ ᠦᠷ᠎ᠡ ᠠᠰᠢᠭ ᠶᠢᠡᠷ ᠬᠠᠮᠤᠭ ᠤᠨ ᠰᠠᠢ᠌ᠨ ᠠᠷᠭ᠎ᠠ ᠠᠪᠴᠢᠯ ᠪᠣᠯᠬᠤ ᠪᠢᠯᠠ︕


2010.07.06. ᠬᠦᠬᠡᠬᠤᠲᠠᠨ᠎ᠡ

ᠬᠠᠶ‍ᠢᠭ᠄ ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌


ᠵᠤᠬᠢᠶᠠᠭᠴᠢ᠄ ᠥᠨᠢᠷᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 11492
ᠴᠠᠭ᠄ 2010 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ