☆ ᠶᠢᠨ ᠯᠦᠩ
ᠭᠦᠰᠡᠯ ᠤᠨ ᠨᠠᠷᠠ
ᠪᠣᠷᠬᠠᠨ ᠮᠤᠩᠭ᠋ᠤᠯ ᠭᠡᠯᠡ ᠪᠠᠨ
ᠪᠣᠰᠤᠭ᠎ᠠ ᠪᠠᠷ ᠪᠢᠴᠢᠭᠦ ᠪᠣᠯᠤᠭᠰᠠᠨ ᠭᠦᠤ ᠮᠢᠨᠢ
ᠨᠠᠷᠠ ᠲᠡᠶ ᠭᠠᠵᠠᠷ ᠤᠨ ᠭᠦᠮᠤᠨ ᠪᠦᠭᠦᠨ ᠳᠤ
ᠮᠤᠩᠭ᠋ᠤᠯ ᠭᠡᠳᠡᠭ᠌ ᠶᠢᠡᠨ ᠮᠡᠳᠡᠭᠦᠯ ︕
᠊᠊᠊᠊᠊᠊᠊᠊᠊᠊᠊᠊᠊᠊᠊ ᠡᠪᠦᠷ ᠳᠡᠮᠳᠡᠭᠯᠡᠯ ᠡᠴᠡ
ᠦᠷᠭᠦᠭᠡ ᠭᠡᠷ ᠲᠤ ᠮᠢᠨᠢ ᠨᠠᠷᠠ ᠳᠠᠭᠠᠭᠤᠯᠤᠭᠰᠠᠨ
ᠭᠦᠤ ᠮᠢᠨᠢ᠂ ᠦᠷ᠎ᠡ ᠮᠢᠨᠢ
ᠣᠢ᠌ᠯᠠᠰ ᠮᠦᠷ ᠲᠤ ᠮᠢᠨᠢ ᠵᠢᠷᠭᠠᠯ ᠳᠠᠯᠠᠯᠤᠭᠰᠠᠨ
ᠭᠦᠰᠡᠯ ᠮᠢᠨᠢ᠂ ᠭᠤᠯᠤᠮᠳᠠ ᠮᠢᠨᠢ
ᠨᠢ᠋ᠮᠠᠨ ᠵᠠᠭᠤᠨ ᠤ ᠳᠡᠷᠳᠡᠭᠡᠭᠢ
ᠣᠮᠤᠭ ᠵᠠᠯᠭᠠᠵᠤ
ᠨᠠᠷᠠᠨ ᠳᠡᠷᠭᠡᠯ ᠣᠭᠰᠠᠭᠠᠨ ᠤ
ᠣᠳᠤᠮ ᠵᠠᠯᠭᠠᠵᠤ
ᠣᠨᠤᠨ ᠤ ᠴᠠᠭᠢᠭᠤᠷ ᠴᠢᠯᠠᠭᠤ ᠰᠢᠭ
ᠣᠷᠭᠤᠵᠤ ᠢᠷᠡᠭ᠍ᠰᠡᠨ ᠶᠤᠮ ᠴᠢ
ᠣᠪᠣᠬᠠᠢ ᠭᠡᠷ ᠲᠤ ᠮᠢᠨᠢ ᠨᠠᠷᠠ ᠪᠣᠯᠵᠤ
ᠮᠠᠠᠳᠤᠵᠤ ᠳᠦᠷᠦᠭ᠍ᠰᠡᠨ ᠶᠤᠮ ᠴᠢ
ᠭᠦᠤ ᠮᠢᠨᠢ᠂ ᠭᠦᠰᠡᠯ ᠮᠢᠨᠢ
ᠭᠦᠷᠦᠭᠡᠳ ᠢᠷᠡᠭ᠍ᠰᠡᠨ ᠵᠢᠷᠭᠠᠯ ᠮᠢᠨᠢ ︕
ᠬᠠᠨᠢ ᠶᠢᠨ ᠮᠢᠨᠢ ᠰᠠᠢ᠌ᠬᠠᠨ ᠵᠠᠶᠠᠭᠠᠨ ᠤ
ᠮᠥᠩᠭᠡ ᠶᠢᠨ ᠢᠨᠠᠭ ᠴᠢ ᠪᠢᠯᠠ
ᠬᠠᠢ᠌ᠷ᠎ᠠ ᠶᠢᠨ ᠮᠢᠨᠢ ᠰᠠᠢ᠌ᠬᠠᠨ ᠳᠠᠪᠢᠯᠠᠩ ᠤᠨ
ᠡᠩᠭᠡ ᠶᠢᠨ ᠬᠠᠳᠠᠭ ᠴᠢ ᠪᠢᠯᠠ
ᠮᠤᠷᠢ ᠲᠡᠶ ᠶᠠᠪᠣᠭᠰᠠᠨ ᠣᠭᠰᠠᠭᠠᠨ ᠤ ᠮᠢᠨᠢ
ᠭᠤᠯᠤᠮᠳᠠ ᠶᠢᠨ ᠦᠷ᠎ᠡ ᠴᠢ ᠪᠢᠯᠠ
ᠡᠷ᠎ᠡ ᠲᠡᠶ ᠶᠠᠪᠣᠬᠤ ᠣᠢ᠌ᠯᠠᠰ ᠤᠨ ᠮᠢᠨᠢ
ᠭᠦᠰᠡᠯ ᠤᠨ ᠨᠠᠷᠠ ᠴᠢ ᠪᠢᠯᠠ ︕
ᠭᠦᠤ ᠮᠢᠨᠢ᠂ ᠭᠦᠰᠡᠯ ᠮᠢᠨᠢ
ᠭᠦᠰᠡᠵᠤ ᠰᠠᠨᠠᠭᠰᠠᠨ ᠵᠢᠷᠭᠠᠯ ᠮᠢᠨᠢ ︕
ᠦᠷᠯᠦᠭ᠌ ᠮᠤᠩᠭ᠋ᠤᠯ ᠣᠢ᠌ᠯᠠᠰ ᠲᠤ ᠮᠢᠨᠢ
ᠭᠦᠴᠤ ᠰᠡᠯᠭᠦᠵᠤ
ᠦᠪ ᠶᠡᠭᠡ ᠰᠤᠶᠤᠯ ᠳᠤ ᠮᠢᠨᠢ
ᠭᠦᠷᠳᠤ ᠵᠠᠯᠭᠠᠵᠤ
ᠠᠯᠳᠠᠢ ᠶᠢᠨ ᠭᠦᠷᠡᠩ ᠴᠢᠯᠠᠭᠤᠨ ᠤ
ᠭᠡᠯᠳᠡᠷᠭᠡᠢ ᠪᠣᠯᠵᠤ
ᠠᠷᠢᠭᠤᠨ ᠮᠤᠩᠭ᠋ᠤᠯ ᠣᠭᠰᠠᠭᠠᠨ ᠤ
ᠳᠠᠰᠤᠷᠬᠠᠢ ᠪᠣᠯᠵᠤ
ᠴᠡᠭᠡᠯᠭᠡᠨ ᠨᠢᠳᠤ ᠲᠡᠶ
ᠳᠤᠷᠮᠣᠢ᠌ᠵᠤ ᠳᠦᠷᠦᠭ᠍ᠰᠡᠨ ᠶᠤᠮ ᠴᠢ
ᠴᠡᠪᠠᠷᠭᠡᠨ ᠴᠢᠷᠠᠢ ᠲᠡᠶ
ᠪᠣᠠᠳᠣᠢ᠌ᠵᠤ ᠳᠦᠷᠦᠭ᠍ᠰᠡᠨ ᠶᠤᠮ ᠴᠢ
ᠭᠦᠤ ᠮᠢᠨᠢ᠂ ᠭᠦᠰᠡᠯ ᠮᠢᠨᠢ
ᠭᠦᠷᠭᠦ ᠢᠷᠡᠭᠡᠳᠦᠢ ᠶᠢᠨ ᠢᠳᠡᠭᠡᠯ ᠮᠢᠨᠢ ︕
ᠴᠢᠰᠤ ᠪᠠᠨ ᠭᠠᠵᠠᠷ ᠠᠰᠬᠠᠭᠰᠠᠨ
ᠪᠠᠭᠠᠳᠤᠳ ᠤᠨ ᠬᠣᠢ᠌ᠴᠢ ᠴᠢ ᠪᠢᠯᠠ
ᠨᠠᠷᠠ ᠪᠠᠨ ᠬᠤᠷᠸ᠎ᠠ ᠳᠤ ᠮᠥᠩᠭᠡᠯᠡᠭ᠍ᠰᠡᠨ
ᠮᠤᠩᠭ᠋ᠤᠯ ᠤᠨ ᠦᠷ᠎ᠡ ᠴᠢ ᠪᠢᠯᠠ
ᠨᠤᠴᠤᠵᠤ ᠳᠦᠷᠡᠯᠵᠡᠭ᠍ᠰᠡᠨ ᠭᠠᠯ ᠤᠨ
ᠦᠷᠪᠢᠰᠦᠭ᠍ᠰᠡᠨ ᠣᠴᠢ ᠴᠢ ᠪᠢᠯᠠ
ᠨᠤᠤᠷᠠᠭᠯᠠᠵᠤ ᠬᠣᠢ᠌ᠴᠢᠰ ᠲᠤ ᠢᠯᠡᠭᠡᠭ᠍ᠳᠡᠭ᠍ᠰᠡᠨ
《ᠳᠤᠪᠴᠢᠶᠠᠨ》 ᠤ ᠢᠯᠴᠢ ᠴᠢ ᠪᠢᠯᠠ
ᠥᠶᠦᠭ᠌ ᠰᠠᠢ᠌ᠬᠠᠨ ᠠᠮᠢᠳᠤᠷᠠᠯ ᠤᠨ ᠮᠢᠨᠢ
ᠬᠠᠢ᠌ᠷ᠎ᠠ ᠶᠢᠨ ᠣᠶᠠᠩᠭ᠋᠎ᠠ ᠴᠢ ᠪᠢᠯᠠ
ᠦᠯᠵᠡᠢ ᠳᠡᠷᠭᠡᠯ ᠣᠢ᠌ᠯᠠᠰ ᠤᠨ ᠮᠢᠨᠢ
ᠨᠠᠢ᠌ᠷᠠᠭ ᠤᠨ ᠪᠢᠯᠢᠭ᠌ ᠴᠢ ᠪᠢᠯᠠ ︕
ᠭᠦᠤ ᠮᠢᠨᠢ᠂ ᠭᠦᠰᠡᠯ ᠮᠢᠨᠢ
ᠭᠦᠰᠡᠯ ᠰᠡᠳᠭᠢᠯ ᠤᠨ ᠨᠠᠷᠠ ᠮᠢᠨᠢ ᠡ ︕
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2010 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ