ᠨᠡᠪᠲᠡᠷᠡᠨ ᠤᠷᠤᠬᠤ
ᠥᠭᠡᠯᠡᠳ ᠵᠠᠩ ᠣᠢ᠌ᠯᠠ ᠰᠢᠨᠡᠯᠡᠭᠦ ᠶᠤᠰᠤᠨ

ᠢᠮᠢᠨ ᠨᠤᠳᠤᠭ ᠤᠨ ᠪᠦᠭᠦ ᠥᠭᠡᠯᠡᠳ ᠳᠤᠭᠠᠳᠠᠨ ᠬᠠᠭᠤᠴᠢᠨ ᠤ ᠠᠷᠪᠠᠨ ᠬᠤᠶᠠᠷ ᠰᠠᠷ᠎ᠠ ᠶᠢ ᠭᠦᠭᠡᠭᠡ ᠰᠠᠷ᠎ᠠ ᠭᠡᠳᠡᠭ᠌᠃

ᠭᠦᠭᠡᠭᠡ ᠰᠠᠷ᠎ᠠ ᠶᠢᠨ ᠬᠤᠷᠢᠨ ᠭᠤᠷᠪᠠᠨ ᠤ ᠡᠳᠦᠷ ᠪᠣᠯᠤᠭᠰᠠᠭᠠᠷ ᠯᠠ ᠢᠰᠡᠭᠡᠢ ᠳᠤᠭᠤᠷᠭᠠᠳᠠᠨ ᠨᠡᠷ ᠢᠰᠡᠭᠡᠢ ᠳᠤᠭᠤᠷᠭ᠎ᠠ ᠶᠢᠨ ᠶᠢᠡᠨ ᠣᠳᠤᠭ᠎ᠠ ᠳᠤᠭᠤᠰᠤ ᠶᠢ ᠭᠦᠪᠢᠵᠤ᠂ ᠵᠠᠰᠠᠬᠤ ᠰᠡᠯᠪᠢᠭᠦ ᠭᠠᠵᠠᠷ ᠲᠤ ᠨᠢ ᠵᠠᠰᠠᠪᠣᠷᠢ ᠣᠷᠤᠭᠤᠯᠵᠤ ᠳᠠᠭᠤᠰᠤᠭᠠᠤᠨ ᠣᠷᠴᠢᠨ ᠳᠤᠭᠤᠷᠢᠨ᠂ ᠮᠠᠯ ᠤᠨ ᠬᠠᠰᠢᠶ᠎ᠠ ᠰᠠᠷᠠᠪᠴᠢ ᠶᠢ ᠴᠠᠪᠠᠷᠯᠠᠨ᠂ ᠣᠷᠤᠢ ᠨᠢ ᠭᠠᠯ ᠪᠣᠷᠬᠠᠨ ᠶᠢᠡᠨ ᠳᠡᠭ᠍ᠳᠡᠭᠡᠭᠦ ᠶᠠᠪᠣᠳᠠᠯ ᠳᠤ ᠪᠡᠯᠡᠳᠭᠡᠨ᠎ᠡ᠃ (ᠭᠠᠯ ᠳᠠᠭᠢᠬᠤ ᠶᠤᠰᠤᠨ ᠢ ᠭᠠᠷᠴᠠᠭ ᠶᠢᠡᠷ ᠪᠢᠴᠢᠭ᠍ᠰᠡᠨ ᠳᠤᠯᠠ ᠡ᠊ᠨᠳᠡ ᠨᠤᠷᠱᠤᠬᠤ ᠦᠭᠡᠶ)

ᠭᠦᠭᠡᠭᠡ ᠰᠠᠷ᠎ᠠ ᠶᠢᠨ ᠬᠤᠷᠢᠨ ᠭᠤᠷᠪᠠᠨ ᠡᠴᠠ ᠬᠣᠢ᠌ᠰᠢ ᠰᠢᠨᠡᠯᠡᠭᠦ ᠳᠤ ᠪᠡᠯᠡᠳᠭᠡᠨ᠎ᠡ (ᠳᠤᠰ ᠨᠤᠳᠤᠭ ᠤᠨ ᠥᠭᠡᠯᠡᠳ ᠭᠦᠮᠦᠰ ᠪᠠᠰᠠ ᠰᠢᠨᠡᠯᠡᠭᠦ ᠶᠢ ᠠᠨᠢᠯᠠᠬᠤ ᠭᠡᠵᠤ ᠭᠡᠯᠳᠡᠭ᠌)᠃ ᠰᠢᠨᠠᠯᠠᠨ᠎ᠠ ᠭᠡᠵᠤ ᠠᠢ᠌ᠯ ᠡᠷᠦᠭᠡ ᠪᠦᠷᠢ ᠶᠠᠭᠠᠷᠠᠯᠳᠠᠢ ᠪᠣᠯᠬᠤ ᠪᠠᠷ ᠪᠠᠷᠠᠬᠤ ᠦᠭᠡᠶ ᠬᠡᠦᠬᠡᠳ ᠱᠤᠤᠬᠠᠤᠨ ᠪᠣᠯ ᠨᠠᠩ ᠴᠤ ᠠᠨᠢᠯᠠᠬᠤ ᠶᠢ ᠭᠦᠯᠢᠶᠡᠨ ᠶᠠᠳᠠᠵᠤ᠂ ᠠᠶᠠᠨ ᠤ ᠳᠡᠷᠭᠡ ᠪᠣᠴᠠᠵᠤ ᠢᠷᠡᠭᠦ ᠳᠠᠭᠤᠨ ᠢ ᠴᠢᠩᠨᠠᠨ ᠪᠠᠷ᠎ᠠ ᠬᠠᠷᠠᠵᠤ ᠪᠠᠢ᠌ᠵᠠᠭᠠᠳᠠᠭ᠃

ᠥᠭᠡᠯᠡᠳᠴᠥᠳ ᠢᠮᠢᠨ ᠭᠤᠤᠯ ᠤᠨ ᠭᠦᠪᠠᠭᠡᠨ ᠳᠤ ᠨᠡᠭᠦᠵᠤ ᠢᠷᠡᠭᠦ ᠦᠶᠡᠰ ᠬᠠᠢ᠌ᠯᠠᠷ ᠬᠤᠳᠠ ᠪᠣᠯ ᠬᠤᠳᠠ ᠶᠢᠨ ᠭᠡᠷᠡᠮ ᠭᠦᠷᠢᠶ᠎ᠡ ᠴᠤ ᠪᠠᠢ᠌ᠭᠰᠠᠨ ᠦᠭᠡᠶ᠂ ᠲᠦᠪᠰᠢᠨ ᠶᠡᠭᠡ ᠳᠠᠯ᠎ᠠ ᠪᠠᠢ᠌ᠵᠤ᠂ ᠪᠠᠷᠠᠭᠤᠨ ᠳᠠᠯ᠎ᠠ ᠳᠠᠭᠠᠨ ᠨᠠᠷᠠᠰᠤᠨ ᠮᠤᠳᠤᠨ ᠤ ᠣᠢ ᠰᠢᠭᠤᠢ ᠲᠡᠶ ᠭᠦᠯᠤᠨ ᠪᠣᠢ᠌ᠷ ᠤᠨ ᠶᠠᠮᠤᠨ ᠣᠷᠳᠤᠨ ᠤ ᠪᠠᠢ᠌ᠭᠰᠠᠨ ᠭᠠᠵᠠᠷ ᠪᠣᠯᠤᠨ᠎ᠠ᠃ ᠬᠠᠢ᠌ᠯᠠᠷ ᠭᠤᠤᠯ ᠡᠴᠠ ᠤᠢ᠌ᠷᠠᠯᠴᠠᠭ᠎ᠠ ᠪᠠᠢ᠌ᠬᠤ ᠳ᠋ᠤᠨᠢ ᠳᠤᠰ ᠭᠠᠵᠠᠷ ᠤᠨ ᠭᠢᠨ ᠬᠠᠢ᠌ᠯᠠᠷ ᠬᠤᠳᠠ ᠭᠡᠮᠡᠨ ᠨᠡᠷᠡᠯᠡᠭ᠍ᠰᠡᠨ ᠪᠣᠯᠪᠠᠴᠤ ᠠᠷᠠᠯᠵᠢᠶ᠎ᠠ ᠬᠤᠳᠠᠯᠳᠤᠭ᠎ᠠ ᠠᠷᠠᠢ ᠭᠦᠭ᠍ᠵᠢᠭᠡᠳᠦᠢ ᠪᠠᠢ᠌ᠭᠰᠠᠨ ᠭᠠᠵᠠᠷ ᠪᠠᠢ᠌ᠵᠠᠢ᠃

ᠥᠩᠭᠡᠷᠡᠭ᠍ᠰᠡᠨ ᠤ ᠬᠤᠶᠠᠷ ᠵᠠᠭᠤ ᠭᠠᠷᠤᠢ ᠵᠢᠯ ᠤᠨ ᠬᠤᠭᠤᠷᠤᠠᠳᠤ ᠠᠶᠠᠨ ᠶᠠᠪᠣᠨ᠎ᠠ ᠭᠡᠭ᠍ᠴᠢ ᠥᠭᠡᠷ ᠳᠡᠷᠭᠡ ᠪᠠᠷ ᠠᠮᠢᠳᠤᠷᠠᠯ ᠤᠨ ᠠᠯᠢᠪᠠ ᠭᠡᠷᠡᠭ᠍ᠰᠡᠯ ᠶᠢᠡᠨ ᠪᠦᠸᠧ ᠾᠧ (ᠪᠦᠭᠡ) ᠬᠤᠳᠠ᠂ ᠣᠳᠤᠭᠢ ᠴᠢᠴᠢᠬᠠᠷ (ᠭᠢᠵᠠᠭᠠᠷ) ᠬᠤᠳᠠ ᠳᠤ ᠣᠴᠢᠵᠤ ᠠᠷᠠᠯᠵᠢᠶ᠎ᠠ ᠮᠠᠢ᠌ᠮᠠᠢ ᠶᠢᠨ ᠰᠤᠯᠢᠯᠴᠠᠭ᠎ᠠ ᠭᠢᠳᠡᠭ᠌᠃ ᠥᠭᠡᠯᠡᠳ ᠭᠦᠮᠦᠰ ᠨᠤᠳᠤᠭ ᠤᠨ ᠭᠠᠷᠤᠯᠳᠠ ᠪᠣᠯᠬᠤ ᠠᠷᠠᠰᠤ ᠰᠢᠷᠢ᠂ ᠮᠠᠯ ᠣᠨᠤᠭ᠎ᠠ ᠶᠢᠡᠨ ᠪᠦᠸᠧ ᠾᠧ ᠬᠤᠳᠠᠨ ᠤ ᠭᠢᠳᠠᠤᠨ ᠮᠠᠢ᠌ᠮᠠᠢ᠌ᠴᠢᠨ ᠡᠴᠠ ᠭᠤᠯᠢᠷ ᠪᠣᠳᠠᠭ᠎ᠠ᠂ ᠴᠠᠢ ᠪᠦᠰ ᠪᠠᠷᠠᠭ᠎ᠠ᠂ ᠳᠠᠮᠠᠭᠢ ᠠᠷᠢᠭᠢ᠂ ᠣᠳᠠᠰᠤ ᠵᠡᠭᠦᠤ ᠵᠡᠷᠭᠡ ᠠᠮᠢᠳᠤᠷᠠᠯ ᠤᠨ ᠶᠠᠭᠤᠮᠠᠰ ᠢ ᠰᠤᠯᠢᠵᠤ ᠠᠪᠴᠢᠷᠠᠳᠠᠭ᠃

ᠳᠤᠬᠠᠢ ᠶᠢᠨ ᠦᠶ᠎ᠡ ᠶᠢᠨ ᠪᠦᠸᠧ ᠾᠧ ᠬᠤᠳᠠ ᠪᠣᠯ ᠠᠷᠠᠯᠵᠢᠶ᠎ᠠ ᠬᠤᠳᠠᠯᠳᠤᠭ᠎ᠠ ᠭᠦᠭ᠍ᠵᠢᠭ᠍ᠰᠡᠨ ᠭᠠᠵᠠᠷ ᠪᠠᠢ᠌ᠵᠠᠢ᠃ ᠳᠠᠷᠠ ᠦᠶᠡᠰ ᠲᠤ ᠥᠭᠡᠯᠡᠳᠴᠥᠳ ᠥᠭᠡᠷ ᠳᠡᠷᠭᠡ ᠪᠠᠷ ᠣᠴᠢᠵᠤ ᠢᠷᠡᠳᠡᠭ᠌᠃ ᠵᠠᠮ ᠨᠢ ᠬᠤᠯᠠ ᠪᠠᠷᠳᠠᠭ᠎ᠠ ᠶᠡᠭᠡ᠂ ᠨᠠᠩ ᠴᠤ ᠭᠢᠩᠭ᠋ᠠᠨ ᠤ ᠦᠨᠳᠦᠷ ᠪᠣᠭᠤᠨᠢ ᠳᠠᠪᠠᠭ᠎ᠠ ᠶᠢ ᠥᠭ᠍ᠰᠤᠨ ᠣᠷᠤᠭᠤᠳᠠᠨ ᠳᠠᠪᠠᠵᠤ᠂ ᠣᠰᠤ ᠭᠤᠤᠯ ᠢ ᠭᠡᠳᠦᠯᠵᠤ ᠶᠠᠪᠣᠳᠠᠭ ᠪᠣᠯᠬᠤᠷ ᠵᠥᠳᠡᠭᠦᠷᠢ ᠶᠡᠭᠡ ᠲᠡᠶ᠃ ᠡᠪᠦᠯ ᠤᠨ ᠠᠶᠠᠨ ᠨᠢ ᠮᠦᠰᠤ ᠴᠠᠰᠤᠨ ᠤ ᠬᠤᠭᠤᠴᠠᠭᠠᠨ ᠳᠤ ᠶᠠᠪᠣᠬᠤ ᠪᠣᠯᠬᠤᠷ ᠰᠢᠨᠡᠯᠡᠭᠦ ᠴᠠᠭᠠᠯᠠᠬᠤ ᠡᠴᠠ ᠡᠮᠦᠨ᠎ᠡ ᠠᠮᠵᠢᠭᠤᠯᠤᠨ ᠪᠣᠴᠠᠵᠤ ᠢᠷᠠᠨ᠎ᠠ ᠭᠡᠵᠤ ᠶᠡᠭᠡᠳᠡ ᠴᠢᠷᠮᠠᠢ᠌ᠳᠠᠭ᠃ ᠡᠨᠡ ᠠᠶᠠᠨ ᠳᠡᠭᠡᠭᠡᠪᠦᠷᠢ ᠳᠤ ᠰᠠᠢ᠌ᠨ ᠡᠷ᠎ᠡ ᠭᠡᠰᠡᠨ ᠡᠷᠡᠭ᠍ᠳᠡᠢ᠌ᠴᠦᠳ ᠶᠠᠪᠣᠵᠤ᠂ ᠣᠴᠢᠵᠤ ᠢᠷᠡᠭᠦ ᠲᠡᠶ ᠪᠠᠨ ᠬᠤᠶᠠᠷ ᠭᠤᠷᠪᠠᠨ ᠰᠠᠷ᠎ᠠ ᠪᠣᠯᠳᠠᠭ ᠭᠡᠳᠡᠭ᠌᠃

ᠡᠪᠦᠯ ᠤᠨ ᠠᠶᠠᠨ ᠳᠡᠭᠡᠭᠡᠪᠦᠷᠢ ᠪᠣᠴᠠᠵᠤ ᠢᠷᠠᠪᠠᠯ ᠰᠠ‍‌ᠶᠢ ᠰᠢᠨᠡᠯᠡᠭᠦ ᠶᠠᠭᠤᠮ᠎ᠠ ᠪᠦᠷᠢᠨ ᠪᠣᠯᠤᠨ᠎ᠠ᠃ ᠳᠠᠷᠠ ᠦᠶ᠎ᠡ ᠳᠤ ᠪᠦᠸᠧ ᠾᠧ ᠬᠤᠯᠠ ᠪᠣᠯᠪᠠᠴᠤ ᠠᠮᠢᠳᠤᠷᠠᠵᠤ ᠣᠷᠤᠰᠢᠨ ᠳᠤᠭᠳᠠᠨᠢᠬᠤ ᠶᠢᠨ ᠲᠦᠯᠦᠭᠡ ᠡᠨᠡ ᠵᠠᠮ ᠢ ᠭᠦᠭᠡᠭᠡᠵᠤ ᠡᠨᠡ ᠠᠶᠠᠨ ᠢ ᠶᠠᠪᠣᠬᠤ ᠶᠤᠰᠤᠳᠠᠢ᠃ ᠠᠮᠢᠳᠤᠷᠠᠯ ᠳᠤ ᠳᠤᠯᠭᠠᠷᠠᠭᠰᠠᠨ ᠠᠮᠢᠳᠤᠷᠠᠯ ᠨᠢ ᠢᠩᠭᠢᠵᠤ ᠯᠠ ᠪᠦᠸᠧ ᠾᠧ ᠬᠤᠳᠠ ᠪᠣᠯᠤᠨ ᠢᠮᠢᠨ ᠭᠤᠤᠯ ᠤᠨ ᠭᠦᠪᠠᠭᠡ ᠶᠢ ᠢᠷᠮᠡᠭ᠍ᠳᠡᠭ᠍ᠰᠡᠨ ᠥᠭᠡᠯᠡᠳᠴᠥᠳ ᠢ ᠬᠤᠯᠪᠣᠭᠰᠠᠨ ᠪᠠᠢ᠌ᠨ᠎ᠠ᠃

ᠪᠠᠷᠤᠭ 1952 ᠣᠨ ᠤ ᠡᠪᠦᠯ ᠪᠠᠢ᠌ᠭᠰᠠᠨ ᠰᠢᠭ ᠪᠣᠳᠤᠭᠳᠠᠵᠤ ᠪᠠᠢ᠌ᠨ᠎ᠠ᠃ ᠳᠡᠦᠭᠡᠨ ᠳᠤ ᠬᠤᠪᠣᠷᠬᠠᠨ ᠲᠤᠬᠢᠶᠠᠯᠳᠤᠳᠠᠭ ᠭᠦᠢᠳᠡᠨ ᠡᠪᠦᠯ ᠪᠠᠢ᠌ᠭᠰᠠᠨ ᠶᠤᠮ᠃ ᠰᠢᠨᠡᠯᠡᠭᠦ ᠯᠠ ᠤᠢ᠌ᠷᠠᠳᠤᠭᠰᠠᠨ ᠪᠠᠢ᠌ᠭᠰᠠᠨ ᠶᠤᠮ᠃ ᠡᠨᠡ ᠦᠶ᠎ᠡ ᠳᠤ ᠥᠭᠡᠯᠡᠳ ᠠᠢ᠌ᠯ ᠤᠨ ᠭᠢᠨ ᠪᠣᠷᠭᠠᠰᠤ ᠮᠤᠳᠤ ᠪᠠᠨ ᠥᠭᠡᠷ ᠳᠡᠷᠭᠡᠨ ᠳᠤ ᠳᠡᠭᠡᠭᠡᠳ ᠬᠠᠢ᠌ᠯᠠᠷ ᠬᠤᠳᠠᠨ ᠳᠤ ᠠᠪᠠᠴᠢᠨ ᠬᠤᠳᠠᠯᠳᠤᠬᠤ ᠠᠶᠠᠨ ᠪᠣᠯᠵᠠᠢ᠃

ᠪᠢᠯᠢᠭᠦᠳᠤ ᠠᠭᠤᠯᠠᠨ ᠤ ᠪᠠᠷᠠᠭᠤᠨ ᠪᠠᠯ ᠳᠤ ᠰᠠᠭᠤᠷᠢᠰᠢᠳᠠᠭ ᠠᠢ᠌ᠯ ᠤᠨ ᠰᠤᠤᠬᠠᠨ ᠣᠪᠣᠭᠳᠤ ᠨᠠᠮᠠᠬᠠᠢ ᠶᠢᠨ ᠭᠡᠦᠭᠡᠨ ᠰᠠᠠᠵᠢᠨ ᠠᠷᠪᠠᠨ ᠨᠢ᠋ᠮᠠᠨ ᠨᠠᠰᠤᠳᠠᠢ ᠳᠠᠷᠠ ᠵᠢᠯ ᠳᠡᠭᠡᠨ ᠡᠷᠡᠭ᠍ᠳᠡᠢ᠌ᠴᠦᠳ ᠢ ᠳᠠᠭᠠᠵᠤ᠂ ᠠᠷᠠᠰᠤᠨ ᠳᠠᠪᠠᠯ ᠳᠡᠭᠡᠷ᠎ᠡ ᠪᠠᠨ ᠳᠠᠬᠤ ᠡᠮᠦᠰᠴᠤ ᠠᠶᠠᠨ ᠳᠤ ᠳᠠᠭᠠᠵᠤ ᠶᠠᠪᠣᠭᠰᠠᠨ ᠪᠠᠢ᠌ᠵᠠᠢ᠃ ᠡᠨᠡ ᠭᠡᠦᠭᠡᠨ ᠭᠡᠳᠦᠭᠡᠨ ᠡᠳᠦᠷ ᠶᠠᠪᠣᠵᠤ᠂ ᠬᠠᠢ᠌ᠯᠠᠷ ᠬᠤᠳᠠ ᠡᠴᠠ ᠪᠣᠴᠠᠭᠠᠤᠨ ᠢᠷᠡᠭᠦ ᠬᠤᠭᠤᠷᠤᠠᠳᠤ ᠨᠢᠭᠤᠷ ᠴᠢᠷᠠᠢ᠂ ᠭᠠᠷ ᠬᠤᠷᠤᠭᠤ ᠨᠢ ᠳᠠᠭᠠᠷᠠᠨ ᠭᠦᠯᠳᠡᠵᠤ᠂ ᠬᠠᠪ ᠬᠠᠷ᠎ᠠ ᠪᠣᠯᠴᠢᠬᠠᠭᠰᠠᠨ ᠪᠠᠢ᠌ᠯ᠎ᠠ᠃ ᠡᠢ᠌ᠮᠤ ᠨᠢᠭᠡᠨ ᠭᠡᠦᠭᠡᠨ ᠠᠶᠠᠨ ᠳᠤ ᠶᠠᠪᠣᠭᠰᠠᠨ ᠢ ᠥᠵᠡᠭᠡᠳ ᠪᠢᠳᠠᠨᠠᠷ ᠭᠠᠢ᠌ᠬᠠᠯᠴᠠᠨ ᠮᠠᠭᠳᠠᠯᠴᠠᠵᠤ ᠪᠠᠢ᠌ᠭᠰᠠᠨ ᠶᠤᠮ᠃ ᠡᠪᠦᠯ ᠤᠨ ᠭᠦᠢᠳᠡᠨ ᠳᠤ ᠠᠶᠠᠨ ᠳᠡᠭᠡᠭᠡᠪᠦᠷᠢ ᠳᠤ ᠠᠶᠠᠯᠠᠨ᠎ᠠ ᠭᠡᠭ᠍ᠴᠢ ᠳᠠᠢ᠌ᠮᠤ ᠴᠤ ᠭᠢᠯᠪᠠᠷ ᠪᠢᠰᠢ ᠠᠵᠤ ᠶᠤᠮ ᠡ᠃

ᠠᠨᠢᠯᠠᠬᠤ ᠡᠴᠠ ᠡᠮᠦᠨ᠎ᠡ ᠦᠴᠢ ᠪᠦᠷᠢᠭᠦ (ᠠᠷᠠᠰᠤᠨ ᠳᠠᠪᠠᠯ ᠳᠤ ᠪᠦᠰ ᠶᠤᠮ ᠦᠦ᠂ ᠳᠤᠷᠭ᠎ᠠ ᠪᠠᠷ ᠭᠠᠳᠠᠷ ᠳᠠᠳᠠᠬᠤ) ᠭᠡᠵᠤ ᠣᠶᠤᠳᠠᠯ ᠤᠨ ᠶᠡᠭᠡ ᠶᠠᠭᠠᠷᠠᠤ ᠠᠵᠢᠯ ᠪᠠᠢ᠌ᠳᠠᠭ᠃ ᠨᠤᠳᠤᠭ ᠤᠨ ᠵᠠᠩᠰᠢᠯ ᠶᠢᠡᠷ ᠣᠶᠤᠳᠠᠯ ᠶᠡᠭᠡ ᠲᠡᠶ ᠠᠢ᠌ᠯ ᠪᠣᠯ ᠣᠷᠠᠨ ᠳᠠᠷᠬᠠᠨ ᠣᠶᠤᠳᠠᠯᠴᠢᠨ ᠢ ᠣᠶᠤᠳᠠᠯ ᠣᠶᠤᠭᠤᠯᠬᠤ ᠪᠠᠷ ᠣᠷᠢᠵᠤ ᠵᠠᠯᠠᠵᠤ ᠠᠪᠴᠠᠷᠠᠨ ᠣᠶᠤᠳᠠᠯ ᠣᠶᠤᠭᠤᠯᠳᠠᠭ᠃ ᠡᠢ᠌ᠮᠤ ᠣᠶᠤᠳᠠᠯ ᠢ ᠪᠣᠯ ᠰᠢᠨᠡᠯᠡᠭᠦ ᠡᠴᠠ ᠡᠮᠦᠨ᠎ᠡ ᠠᠮᠵᠢᠭᠤᠯᠤᠨ ᠭᠠᠷᠭᠠᠨ᠎ᠠ ᠭᠡᠳ ᠰᠦᠨᠢ ᠶᠢᠨ ᠭᠦᠨ ᠪᠣᠯᠳᠠᠯ᠎ᠠ ᠬᠤᠷᠭᠤᠨ ᠳᠤᠰᠤᠨ (ᠮᠠᠯ ᠤᠨ ᠳᠤᠰᠤ) ᠳ᠋ᠸᠩ ᠤᠨ ᠳᠤᠤᠷ᠎ᠠ ᠣᠶᠤᠵᠤ ᠪᠠᠷᠠᠭᠠᠨ᠎ᠠ᠃ ᠪᠦᠭᠦ ᠣᠶᠤᠳᠠᠯ ᠢ ᠪᠣᠯ ᠪᠢᠳᠡᠭᠦᠨ ᠤ ᠡᠳᠦᠷ ᠡᠴᠠ ᠡᠮᠦᠨ᠎ᠡ ᠠᠮᠵᠢᠵᠤ ᠣᠶᠤᠭᠰᠠᠨ ᠪᠠᠢ᠌ᠬᠤ ᠭᠡᠷᠡᠭ᠍ᠳᠡᠢ᠃ ᠪᠢᠳᠡᠭᠦᠨ ᠤ ᠡᠳᠦᠷ ᠡᠴᠠ ᠪᠣᠷᠬᠠᠨ ᠭᠦᠩᠭ᠋ᠡᠷᠪᠡ ᠨᠡᠭᠡᠭᠡᠵᠤ ᠪᠣᠷᠬᠠᠨ ᠳᠡᠯᠭᠡᠭᠦ ᠳᠤᠯᠠ ᠪᠣᠷᠬᠠᠨ ᠤ ᠮᠠᠯᠮᠠᠢ (ᠨᠢᠳᠤ) ᠶ᠋ᠢ ᠵᠡᠭᠦᠤ ᠬᠠᠳᠬᠤᠨ᠎ᠠ ᠭᠡᠳ ᠴᠡᠭᠡᠷᠯᠡᠯ ᠪᠣᠯᠭᠠᠨ ᠣᠶᠤᠳᠠᠯ ᠤᠨ ᠵᠡᠭᠦᠤ ᠪᠠᠷᠢᠭᠤᠯᠳᠠᠭ ᠦᠭᠡᠶ᠃ ᠡᠭᠦᠨ ᠳᠤ ᠵᠥᠪᠭᠡᠨ ᠣᠶᠤᠳᠠᠯ ᠣᠶᠤᠬᠤ ᠴᠤ ᠪᠢᠰᠢ᠂ ᠠᠯᠢᠪᠠ ᠪᠦᠭᠦ ᠠᠵᠢᠯ ᠢ ᠪᠣᠷᠬᠠᠨ ᠳᠡᠯᠭᠡᠭᠦ ᠡᠴᠠ ᠡᠮᠦᠨ᠎ᠡ ᠠᠮᠵᠢᠭᠤᠯᠤᠨ ᠭᠢᠵᠤ ᠪᠠᠷᠠᠭᠠᠬᠤ ᠭᠡᠷᠡᠭ᠍ᠳᠡᠢ᠃

ᠪᠣᠷᠬᠠᠨ ᠭᠦᠩᠭ᠋ᠡᠷᠡᠪᠡ ᠶᠢ ᠭᠤᠷᠪᠠᠨ ᠡᠳᠦᠷ ᠨᠡᠭᠡᠭᠡᠵᠤ ᠪᠦᠭᠦ ᠪᠣᠷᠬᠠᠨ ᠢ ᠭᠤᠷᠪᠠᠨ ᠡᠳᠦᠷ ᠳᠡᠯᠭᠡᠨ᠎ᠡ᠃ ᠳᠡᠯᠭᠡᠭ᠍ᠰᠡᠨ ᠪᠣᠷᠬᠠᠨ ᠤ ᠡᠮᠦᠨᠡᠭᠦᠷ ᠨᠢ᠋ᠮᠠᠨ ᠳᠠᠭᠢᠯ ᠢ ᠵᠡᠷᠭᠡᠴᠡᠭᠦᠯᠤᠨ ᠳᠠᠯᠪᠢᠵᠤ ᠭᠤᠤᠯ ᠴᠥᠭᠦᠴᠡ ᠳ᠋ᠤᠨᠢ ᠰᠢᠷ᠎ᠠ ᠳᠤᠰᠤ ᠵᠤᠯᠠ ᠡᠭᠦᠰᠭᠡᠨ᠎ᠡ᠃ ᠡᠨᠡ ᠵᠤᠯᠠ ᠶᠢ ᠪᠣᠷᠬᠠᠨ ᠬᠤᠷᠢᠶᠠᠳᠠᠯ᠎ᠠ ᠭᠤᠷᠪᠠᠨ ᠡᠳᠦᠷ ᠡᠭᠦᠰᠭᠡᠨ᠎ᠡ᠃

ᠵᠤᠯᠠ ᠪᠠᠷᠢᠭᠰᠠᠨ ᠭᠤᠤᠯ ᠴᠥᠭᠦᠴᠡ ᠶᠢᠨ ᠪᠠᠷᠠᠭᠤᠨ ᠳᠠᠯ᠎ᠠ ᠳᠤ ᠳᠦᠷᠪᠠᠨ ᠴᠥᠭᠦᠴᠡ ᠳᠠᠯᠪᠢᠵᠤ᠂ ᠡᠨᠡ ᠳᠦᠷᠪᠠᠨ ᠴᠥᠭᠦᠴᠡ ᠶᠢᠨ ᠬᠠᠮᠤᠭ ᠪᠠᠷᠠᠭᠤᠨ ᠵᠠᠬ᠎ᠠ ᠶᠢᠨ ᠬᠤᠶᠠᠷ ᠴᠥᠭᠦᠴᠡ ᠳᠤ ᠣᠰᠤ ᠭᠢᠵᠤ᠂ ᠳᠠᠷᠠᠭᠠᠭᠢ ᠬᠤᠶᠠᠷ ᠲᠤ ᠨᠢ ᠪᠣᠳᠠᠭ᠎ᠠ ᠰᠠᠪᠠᠯᠠᠵᠤ ᠳᠡᠭᠡᠷ᠎ᠡ ᠨᠢ ᠴᠡᠴᠡᠭ᠌ ᠬᠤᠸᠠᠷ ᠬᠠᠳᠬᠤᠨ᠎ᠠ᠃ ᠵᠤᠯᠠ ᠡᠭᠦᠰᠭᠡᠭ᠍ᠰᠡᠨ ᠭᠤᠤᠯ ᠴᠥᠭᠦᠴᠡ ᠶᠢᠨ ᠵᠡᠭᠦᠨ ᠳᠠᠯ᠎ᠠ ᠳᠤ ᠭᠤᠷᠪᠠᠨ ᠴᠥᠭᠦᠴᠡ ᠳᠠᠯᠪᠢᠵᠤ᠂ ᠨᠢᠭᠡᠳᠦᠭᠡᠷ ᠴᠥᠭᠦᠴᠡ ᠳᠤ ᠴᠠᠭᠠᠨ ᠢᠳᠡᠭᠡ ᠳᠠᠯᠪᠢᠵᠤ᠂ ᠬᠤᠶᠠᠳᠤᠭᠠᠷ ᠴᠥᠭᠦᠴᠡ ᠳᠤ ᠪᠣᠳᠠᠭ᠎ᠠ ᠳᠦᠭᠦᠷᠭᠡᠵᠤ᠂ ᠬᠠᠮᠤᠭ ᠰᠡᠭᠦᠯᠴᠢ ᠶᠢᠨ ᠴᠥᠭᠦᠴᠡ ᠳᠤ ᠣᠰᠤ ᠭᠢᠵᠤ ᠳᠠᠯᠪᠢᠨ᠎ᠠ᠃

ᠴᠠᠭᠠᠨ ᠰᠠᠷ᠎ᠠ ᠶᠢᠨ ᠪᠣᠭᠤᠷᠰᠤᠭ ᠢ ᠬᠠᠭᠠᠷᠢᠮᠠᠯ ᠭᠡᠨ᠎ᠡ᠃ ᠡᠨᠡᠭᠦ ᠬᠠᠭᠠᠷᠢᠮᠠᠯ ᠪᠣᠭᠤᠷᠰᠤᠭ ᠶᠢᠡᠨ ᠳᠡᠭ᠍ᠰᠢ ᠰᠠᠢ᠌ᠬᠠᠨ ᠳᠦᠷᠪᠠᠯᠵᠢᠨ ᠵᠦᠰᠤᠵᠤ ᠭᠡᠷᠴᠢᠭᠡᠳ ᠳᠠᠪᠰᠢ ᠳᠡᠭᠡᠨ ᠳᠠᠪᠬᠤᠷᠯᠠᠨ ᠵᠡᠷᠭᠡᠴᠡᠭᠦᠯᠤᠨ ᠳᠠᠯᠪᠢᠭᠠᠤᠨ ᠳᠡᠭᠡᠷ᠎ᠡ ᠨᠢ ᠦᠷᠤᠮ᠎ᠠ᠂ ᠴᠠᠭᠠᠨ ᠳᠤᠰᠤ᠂ ᠠᠭᠠᠷᠤᠤᠯ ᠳᠠᠯᠪᠢᠨ᠎ᠠ᠃ ᠬᠤᠵᠢᠮ ᠬᠣᠢ᠌ᠨ᠎ᠠ ᠨᠢ ᠬᠠᠭᠠᠷᠢᠮᠠᠯ ᠤᠨ ᠵᠠᠪᠰᠠᠷ ᠲᠤ ᠰᠢᠭᠢᠷ ᠪᠣᠯᠤᠨ ᠴᠢᠪᠠᠭ᠎ᠠ ᠴᠤ ᠬᠠᠪᠴᠢᠭᠤᠯᠤᠨ ᠳᠠᠯᠪᠢᠳᠠᠭ ᠪᠣᠯᠵᠠᠢ᠃ ᠡᠨᠡ ᠦᠷᠤᠵᠤ ᠳᠠᠯᠪᠢᠭᠰᠠᠨ ᠳᠠᠪᠰᠢ ᠲᠡᠶ ᠬᠠᠭᠠᠷᠢᠮᠠᠯ ᠶᠢᠡᠨ ᠪᠣᠷᠬᠠᠨ ᠳᠠᠭᠠᠨ ᠳᠠᠯᠪᠢᠨ᠎ᠠ᠃

ᠬᠤᠨᠢ ᠲᠡᠶ ᠠᠢ᠌ᠯ ᠬᠤᠨᠢ ᠨᠢᠳᠤᠯᠠᠵᠤ ᠪᠣᠷᠬᠠᠨ ᠳᠠᠭᠠᠨ ᠣᠭᠤᠴᠠ ᠳᠠᠯᠪᠢᠨ᠎ᠠ᠃

ᠳᠠᠯᠠᠯᠭᠠᠨ ᠤ ᠰᠠᠪᠠ ᠳᠤ ᠪᠦᠭᠦ ᠵᠢᠯ ᠤᠨ ᠣᠯᠤᠭᠰᠠᠨ ᠢᠳᠡᠭᠡᠨ ᠣᠤᠭᠤᠰᠢ ᠶᠢᠨ ᠳᠡᠭᠡᠵᠢ ᠶᠢ ᠨᠠᠮᠠᠵᠤ ᠭᠢᠨ ᠳᠦᠭᠦᠷᠭᠡᠵᠤ᠂ ᠳᠠᠯᠠᠯᠭᠠᠨ ᠤ ᠰᠤᠮᠤᠨ ᠳᠤ ᠳᠤᠷᠭ᠎ᠠ ᠳᠤᠷᠳᠤᠩ ᠬᠠᠳᠠᠭ ᠢ ᠨᠠᠮᠠᠵᠤ ᠣᠶᠠᠨ᠂ ᠳᠠᠯᠠᠯᠭᠠᠨ ᠤ ᠰᠠᠪᠠ ᠶᠢ ᠪᠣᠷᠬᠠᠨ ᠭᠦᠩᠭ᠋ᠡᠷᠪᠡ ᠶᠢᠨ ᠵᠡᠭᠦᠨ ᠳᠠᠯ᠎ᠠ ᠳᠤ ᠳᠠᠯᠪᠢᠨ᠎ᠠ᠃ ᠭᠤᠷᠪᠠᠨ ᠡᠳᠦᠷ ᠤᠨ ᠳᠠᠷᠠᠭ᠎ᠠ ᠪᠣᠷᠬᠠᠨ ᠢ ᠬᠤᠷᠢᠶᠠᠵᠤ᠂ ᠪᠣᠷᠬᠠᠨ ᠭᠦᠩᠭ᠋ᠡᠷᠡᠪᠡ ᠶᠢ ᠬᠠᠭᠠᠬᠤ ᠦᠶ᠎ᠡ ᠳᠤ ᠪᠣᠷᠬᠠᠨ ᠤ ᠡᠮᠦᠨ᠎ᠡ ᠳᠠᠯᠪᠢᠭᠰᠠᠨ ᠴᠥᠭᠦᠴᠡ ᠲᠡᠶ ᠢᠳᠡᠭᠡᠨ ᠢ ᠳᠠᠯᠠᠯᠭᠠᠨ ᠤ ᠣᠭᠤᠳᠠ ᠳᠤ ᠭᠢᠵᠤ ᠴᠥᠭᠦᠴᠡ ᠲᠡᠶ ᠣᠰᠤ ᠶᠢ ᠦᠷᠭᠦᠭᠡ ᠭᠡᠷ ᠤᠨ ᠳᠡᠭᠡᠪᠦᠷ ᠳᠡᠭᠡᠷ᠎ᠡ ᠰᠠᠴᠤᠯᠠᠨ᠎ᠠ᠃

ᠭᠤᠷᠪᠠᠨ ᠭᠦᠤ ᠲᠡᠶ ᠠᠢ᠌ᠯ ᠤᠨ ᠬᠤᠶᠠᠷ ᠨᠢ ᠯᠠᠮᠠ ᠪᠣᠯᠳᠠᠭ ᠳᠤᠯᠠ ᠨᠤᠳᠤᠭ ᠤᠨ ᠥᠭᠡᠯᠡᠳ ᠲᠤ ᠯᠠᠮᠠ ᠣᠯᠠᠨ ᠲᠡᠶ᠃ ᠯᠠᠮᠠ ᠪᠠᠷ ᠥᠵᠡᠯᠭᠡ ᠥᠵᠡᠭᠦᠯᠦᠨ᠎ᠡ᠃ ᠨᠠᠰᠤᠳᠠᠢ᠌ᠴᠤᠳ ᠰᠢᠨ᠎ᠠ ᠵᠢᠯ ᠤᠨ ᠨᠢ᠋ᠮᠠᠨ ᠰᠠᠭᠤᠳᠠᠯ ᠢ ᠠᠩᠬᠠᠷᠤᠯ ᠳᠠᠭᠠᠨ ᠠᠪᠴᠤ᠂ ᠭᠡᠢ᠂ ᠣᠭᠳᠠᠷᠭᠤᠢ᠂ ᠣᠰᠤ᠂ ᠳᠠᠮᠤᠷ᠂ ᠭᠠᠯ᠂ ᠰᠢᠷᠤᠢ᠂ ᠠᠭᠤᠯᠠ᠂ ᠮᠤᠳᠤ ᠨᠢ᠋ᠮᠠᠨ ᠰᠠᠭᠤᠳᠠᠯ ᠳᠤ ᠬᠤᠪᠢᠶᠠᠳᠠᠭ᠃ ᠡᠨᠡ ᠨᠢ᠋ᠮᠠᠨ ᠰᠠᠭᠤᠳᠠᠯ ᠳᠤᠰ ᠳᠤᠰ ᠤᠨ ᠭᠢᠨᠢ ᠳᠦᠷᠪᠠᠨ ᠵᠥᠭ᠌ ᠨᠢ᠋ᠮᠠᠨ ᠵᠤᠪᠭᠢᠰ ᠲᠤ ᠴᠢᠳᠭᠦᠷ᠂ ᠰᠢᠮᠨᠤ᠂ ᠭᠡᠢ᠌ᠮᠦᠷᠢ᠂ ᠬᠤᠤᠷᠯᠠᠯ᠂ ᠡᠮ᠂ ᠠᠮᠢ᠂ ᠪᠠᠶ᠎ᠠ᠂ ᠭᠡᠰᠢᠭ᠌ ᠤᠨ ᠵᠥᠭ᠌ ᠭᠡᠵᠤ ᠪᠠᠢ᠌ᠳᠠᠭ᠃ ᠡᠨᠡ ᠭᠦᠮᠤᠨ ᠪᠣᠯᠭᠠᠨ ᠳᠤ ᠳᠠᠭᠠᠷᠠᠬᠤ ᠳᠠᠭᠠᠨ ᠶᠠᠮᠠᠷ ᠵᠢᠯ ᠲᠡᠶ ᠭᠦᠮᠤᠨ ᠳᠤ ᠳᠠᠷᠠ ᠵᠢᠯ ᠶᠢᠡᠷ ᠨᠢ ᠳᠠᠭᠠᠷᠠᠵᠤ᠂ ᠠᠯᠢ ᠵᠥᠭ᠌ ᠲᠤ ᠮᠦᠷ ᠭᠠᠷᠭᠠᠬᠤ ᠳᠤᠬᠠᠢ ᠯᠠᠮᠠ ᠶᠢᠨ ᠥᠵᠡᠯᠭᠡᠨ ᠳ᠋ᠤᠨᠢ ᠭᠠᠷᠳᠠᠭ᠃ ᠰᠢᠨ᠎ᠠ ᠵᠢᠯ ᠤᠨ ᠰᠢᠨ᠎ᠡ ᠶᠢᠨ ᠨᠢᠭᠡᠨ ᠳᠤ ᠯᠠᠮᠠ ᠶᠢᠨ ᠥᠵᠡᠭ᠍ᠰᠡᠨ ᠶᠢᠠᠷ ᠳᠤᠭᠢᠷᠠᠭᠤᠯᠤᠭᠰᠠᠨ ᠳᠠᠷᠠ ᠵᠥᠭ᠌ ᠲᠤ ᠮᠦᠷ ᠭᠠᠷᠭᠠᠵᠤ ᠪᠣᠶᠠᠨ ᠤ ᠪᠠᠨ ᠵᠥᠭ᠌ ᠡᠴᠠ ᠡᠷᠭᠢᠵᠤ ᠢᠷᠡᠳᠡᠭ᠌᠃

ᠴᠠᠭᠠᠯᠠᠬᠤ ᠪᠣᠭᠤᠷᠰᠤᠭ ᠢ ᠬᠠᠭᠠᠷᠢᠵᠤ ᠡᠴᠠ ᠭᠠᠳᠠᠨ᠎ᠠ ᠳᠤᠰᠤᠨ ᠳᠤ ᠰᠢᠷᠠᠳᠠᠭ᠃ ᠳᠤᠰᠤᠨ ᠳᠤ ᠰᠢᠷᠠᠪᠠᠯ ᠳᠤᠭᠤᠭᠠᠨ ᠨᠢᠷᠮᠡᠭ᠌ ᠲᠤ ᠭᠤᠯᠢᠷ ᠶᠢᠡᠷ ᠰᠢᠪᠠᠭᠤ ᠭᠢᠵᠤ ᠳᠤᠭᠤᠭᠠᠨ ᠤ ᠳᠤᠰᠤ ᠣᠷᠤᠭᠤ ᠥᠩᠭᠡᠢ᠌ᠯᠭᠡᠨ ᠳᠤᠭᠤᠭᠠᠨ ᠤ ᠢᠷᠮᠡᠭ᠌ ᠲᠤ ᠰᠠᠭᠤᠯᠠᠭᠠᠳᠠᠭ᠃ ᠡᠨᠡ ᠨᠢ ᠳᠤᠰᠤ ᠪᠠᠨ ᠠᠷᠪᠢᠯᠠᠵᠤ ᠪᠠᠢ᠌ᠬᠤ ᠶᠤᠰᠤᠨ᠃ ᠭᠠᠷ ᠣᠷᠠᠨ ᠲᠡᠶ ᠨᠢᠭᠡ ᠨᠢ ᠭᠤᠯᠢᠷ ᠶᠢᠡᠷ ᠡᠯᠳᠡᠪ ᠳᠦᠷᠰᠤ ᠲᠡᠶ ᠠᠮᠢᠳᠠᠨ ᠭᠢᠵᠤ ᠳᠤᠰᠤ ᠲᠡᠶ ᠳᠤᠭᠤᠭᠠᠨ ᠤ ᠢᠷᠮᠡᠭ᠌ ᠲᠤ ᠰᠠᠭᠤᠯᠠᠭᠠᠳᠠᠭ᠃ ᠳᠤᠰᠤᠨ ᠳᠤ ᠰᠢᠷᠠᠬᠤ ᠪᠣᠭᠤᠷᠰᠤᠭ ᠤᠨ ᠶᠠᠩᠵᠤ ᠭᠡᠯᠪᠠᠷᠢ ᠨᠢ ᠠᠳᠠᠯᠢ ᠦᠭᠡᠶ ᠪᠠᠢ᠌ᠳᠠᠭ᠃

ᠣᠭ ᠲᠠᠭᠠᠨ ᠥᠭᠡᠯᠡᠳ ᠠᠢ᠌ᠯ ᠤᠳ ᠦᠷᠭᠦᠭᠡ ᠭᠡᠷ ᠶᠢᠡᠷ ᠪᠠᠢ᠌ᠵᠤ᠂ ᠨᠡᠭᠦᠳᠡᠯ ᠪᠠᠭᠤᠳᠠᠯ ᠶᠢᠡᠷ ᠶᠠᠪᠣᠬᠤ ᠳᠤᠯᠠ ᠭᠤᠯᠢᠷ ᠢᠰᠭᠡᠵᠤ ᠪᠣᠰᠬᠠᠬᠤ ᠨᠥᠭᠦᠴᠡᠯ ᠦᠭᠡᠶ᠃ ᠡᠢ᠌ᠮᠤ ᠡᠴᠠ ᠭᠤᠯᠢᠷ ᠶᠢᠡᠨ ᠰᠢᠭᠤᠳ ᠨᠤᠬᠤᠴᠢᠬᠠᠭᠠᠤᠨ ᠬᠠᠭᠠᠷᠢᠬᠤ ᠶᠤᠮ ᠦᠦ ᠳᠤᠰᠤᠨ ᠳᠤ ᠰᠢᠷᠠᠳᠠᠭ᠃

ᠪᠠᠰᠠ ᠨᠢᠭᠡ ᠶᠤᠰᠤ ᠨᠢ ᠭᠡᠪᠠᠯ ᠮᠠᠯ ᠤᠨ ᠬᠠᠰᠢᠶ᠎ᠠ ᠰᠠᠷᠠᠪᠴᠢ᠂ ᠦᠷᠭᠦᠭᠡ ᠭᠡᠷ ᠤᠨ ᠪᠦᠰᠡᠯᠡᠭᠦᠷ ᠪᠦᠭᠦᠨ ᠳᠤ ᠨᠤᠬᠠᠢ ᠬᠤᠰᠢᠭᠤ ᠣᠷᠭᠤᠮᠠᠯ ᠢ ᠬᠠᠪᠴᠢᠭᠤᠯᠤᠨ᠂ ᠡᠭᠦᠳᠡᠨ ᠤ ᠬᠤᠶᠠᠷ ᠬᠠᠵᠠᠭᠤ ᠳᠤ ᠴᠤ ᠨᠤᠬᠠᠢ ᠬᠤᠰᠢᠭᠤ ᠬᠠᠳᠬᠤᠵᠤ᠂ ᠨᠤᠬᠠᠢ ᠬᠤᠰᠢᠭᠤ ᠶᠢᠨ ᠰᠠᠯᠠᠭ᠎ᠠ ᠨᠠᠮᠠᠭ᠎ᠠ ᠮᠦᠴᠢᠷ ᠲᠤ ᠨᠢ ᠭᠡᠰᠡᠭ᠌ ᠭᠡᠰᠡᠭ᠌ ᠮᠦᠰᠤ ᠬᠠᠪᠴᠢᠭᠤᠯᠤᠨ᠎ᠠ᠃ ᠡᠨᠡ ᠨᠢ ᠮᠠᠭᠤ ᠶᠠᠭᠤᠮ᠎ᠠ ᠬᠠᠯᠳᠠᠬᠤ ᠦᠭᠡᠶ᠂ ᠠᠮᠤᠷ ᠲᠦᠪᠰᠢᠨ ᠪᠠᠢ᠌ᠬᠤ ᠶᠢᠨ ᠪᠠᠯᠭᠡᠳᠡᠯ ᠪᠣᠯᠤᠨ᠎ᠠ᠃ ᠦᠷᠭᠦᠭᠡ ᠭᠡᠷ ᠤᠨ ᠡᠭᠦᠳᠡᠨ ᠳᠡᠭᠡᠷᠡᠭᠢ ᠳᠤᠳᠤᠭᠤ ᠶᠢᠨ ᠳᠡᠭᠡᠳᠤ ᠳᠠᠯ᠎ᠠ ᠳᠤ ᠳᠤᠰᠤ᠂ ᠦᠷᠤᠮ᠎ᠠ᠂ ᠠᠭᠠᠷᠤᠤᠯ ᠢ ᠳᠤᠰ ᠳᠤᠰ ᠭᠤᠷᠪᠠᠨ ᠭᠡᠰᠡᠭ᠌ ᠳᠠᠯᠪᠢᠨ᠎ᠠ᠃ ᠥᠭᠡᠯᠡᠳ ᠭᠦᠮᠦᠰ ᠪᠣᠯ ᠡᠭᠦᠳᠡ ᠪᠠᠨ ᠭᠦᠴᠦᠳᠡᠢ ᠰᠠᠪᠠᠵᠤ ᠬᠠᠭᠠᠬᠤ ᠦᠭᠡᠶ᠂ ᠡᠭᠦᠳᠡ᠂ ᠳᠤᠭᠤᠨᠤ ᠪᠠᠨ ᠳᠤᠩ ᠶᠡᠭᠡ ᠪᠠᠷ ᠭᠦᠡᠳᠦᠯᠡᠨ ᠬᠠᠢ᠌ᠷᠠᠯᠠᠨ᠎ᠠ᠃ ᠰᠢᠨᠡᠯᠡᠭᠦ ᠳᠤ ᠭᠠᠳᠠᠨ᠎ᠠ ᠬᠤᠭᠤᠰᠤᠨ ᠰᠠᠭᠤᠯᠭ᠎ᠠ ᠳᠠᠯᠪᠢᠳᠠᠭ ᠦᠭᠡᠶ᠃

ᠪᠢᠳᠡᠭᠦᠨ ᠤ ᠰᠦᠨᠢ ᠣᠳᠤᠨ ᠮᠠᠴᠢᠳ ᠳᠦᠭᠡᠭᠡᠭ᠍ᠰᠡᠨ ᠤ ᠠᠷᠤ ᠳᠤ ᠳᠡᠯᠭᠡᠰᠦᠳᠡᠢ ᠪᠣᠷᠬᠠᠨ ᠳᠠᠭᠠᠨ ᠭᠦᠵᠢ ᠠᠰᠠᠭᠠᠨ ᠰᠠᠩ ᠢᠳᠡᠭᠡ ᠳᠠᠯᠪᠢᠵᠤ᠂ ᠠᠭᠢ ᠣᠭᠤᠭᠢᠭᠤᠯᠤᠨ ᠨᠢᠭᠡ ᠭᠡᠷ ᠤᠨ ᠭᠦᠭ᠍ᠰᠢᠳ ᠨᠠᠰᠤᠳᠠᠨ᠂ ᠬᠡᠦᠬᠡᠳ ᠪᠠᠭᠠᠴᠤᠳ ᠦᠭᠡᠶ ᠪᠦᠭᠦᠳᠡᠭᠡᠷ ᠶᠢᠡᠨ ᠪᠣᠷᠬᠠᠨ ᠳᠤ ᠮᠦᠷᠭᠦᠵᠤ᠂ ᠳᠠᠷᠠᠭ᠎ᠠ ᠪᠠᠷ ᠭᠠᠯ ᠪᠣᠷᠬᠠᠨ ᠶᠢᠡᠨ ᠣᠭᠳᠤᠨ ᠠᠪᠬᠤ ᠳᠤ ᠮᠦᠷᠭᠦᠵᠡᠭᠡᠨ᠎ᠡ᠃ ᠭᠠᠯ ᠤᠨ ᠪᠣᠷᠬᠠᠨ ᠶᠢᠡᠨ ᠬᠤᠨᠢᠨ ᠤ ᠡᠪᠴᠢᠭᠦᠤ ᠶᠤᠮ ᠦᠦ᠂ ᠥᠭᠡᠷ ᠬᠤᠨᠢᠨ ᠤ ᠵᠤᠯᠪᠣᠳᠠᠰᠤ ᠶᠢ ᠰᠠᠮᠠᠵᠠᠨ ᠥᠭᠡᠭᠦ ᠪᠠᠷ ᠪᠠᠭᠯᠠᠨ ᠭᠠᠯ ᠳᠤ ᠡᠷᠭᠦᠵᠤ ᠭᠠᠯ ᠶᠢᠡᠨ ᠳᠠᠭᠢᠨ᠎ᠠ᠃ ᠪᠣᠰᠤᠳ ᠢᠳᠠᠰᠢ ᠣᠤᠭᠤᠰᠢ᠂ ᠠᠷᠢᠭᠢ ᠳᠠᠷᠠᠰᠤ ᠶᠢ ᠬᠠᠮᠳᠤ ᠳ᠋ᠤᠨᠢ ᠰᠠᠴᠤᠯᠠᠵᠤ᠂ ᠪᠦᠭᠦ ᠵᠢᠯ ᠳᠤ ᠪᠦᠭᠦ ᠭᠡᠷ ᠶᠢᠡᠷ ᠶᠢᠡᠨ ᠰᠠᠢ᠌ᠨ ᠰᠠᠢ᠌ᠬᠠᠨ ᠪᠠᠶᠠᠨ ᠵᠢᠷᠭᠠᠯ ᠲᠡᠶ ᠶᠠᠪᠣᠬᠤ ᠪᠠᠨ ᠳᠠᠭᠠᠳᠬᠠᠨ ᠵᠠᠯᠪᠠᠷᠢᠵᠤ ᠭᠠᠯ ᠤᠨ ᠳᠠᠭᠢᠯᠭ᠎ᠠ ᠪᠠᠨ ᠭᠦᠢᠴᠡᠭᠡᠨ᠎ᠡ᠃ ᠢᠩᠭᠢᠵᠤ ᠪᠣᠷᠬᠠᠨ ᠤ ᠮᠦᠷᠭᠦᠯ᠂ ᠭᠠᠯ ᠤᠨ ᠳᠠᠭᠢᠯᠭ᠎ᠠ ᠳᠠᠭᠤᠰᠤᠮᠠᠭᠴᠠ ᠪᠢᠳᠡᠭᠦᠤ ᠬᠤᠭᠤᠯᠠ ᠭᠡᠵᠤ ᠪᠢᠳᠡᠭᠦᠤ ᠴᠢᠮᠦᠭᠡ ᠴᠢᠨᠠᠵᠤ ᠱᠦᠯᠦᠨ ᠳ᠋ᠤᠨᠢ ᠪᠣᠳᠠᠭ᠎ᠠ ᠣᠷᠭᠢᠨ ᠰᠢᠩᠭᠡᠨ ᠪᠣᠳᠠᠭ᠎ᠠ ᠢᠳᠠᠨ᠎ᠠ᠃

ᠪᠢᠳᠡᠭᠦᠨ ᠤ ᠡᠳᠦᠷ ᠢ ᠪᠢᠳᠡᠭᠦᠤ ᠭᠡᠳ ᠭᠡᠷ ᠡᠴᠠ ᠭᠠᠳᠠᠭᠰᠢ ᠪᠣᠰᠤᠳ ᠭᠦᠮᠤᠨ ᠳᠤ ᠶᠠᠭᠤᠮ᠎ᠠ ᠵᠢᠭᠡᠯᠡᠵᠤ ᠦᠭ‍ᠭᠦ ᠦᠭᠡᠶ᠃ ᠪᠢᠳᠡᠭᠦᠨ ᠤ ᠣᠷᠤᠢ ᠬᠠᠮᠤᠭ ᠤᠢ᠌ᠷ᠎ᠡ ᠳᠦᠷᠤᠯ ᠡᠪᠦᠭᠡᠨ ᠭᠦᠭ᠍ᠰᠢᠨ ᠨᠠᠰᠤᠳᠠᠨ ᠳᠠᠭᠠᠨ ᠠᠢ᠌ᠯᠴᠢᠯᠠᠵᠤ᠂ ᠯᠠᠮᠠ ᠪᠣᠯᠤᠨ ᠪᠦᠭᠡ ᠲᠡᠶ ᠠᠢ᠌ᠯ ᠪᠣᠯ ᠪᠢᠳᠡᠭᠦᠨ ᠤ ᠰᠦᠨᠢ ᠣᠠᠳᠠᠬᠤ ᠦᠭᠡᠶ᠃

ᠪᠢᠳᠡᠭᠦᠨ ᠤ ᠰᠦᠨᠢ ᠭᠡᠷ ᠤᠨ ᠭᠠᠳᠠᠨ᠎ᠠ ᠭᠠᠯ ᠲᠦᠯᠠᠵᠤ ᠡᠪᠦᠭᠡ ᠳᠡᠭᠡᠳᠦᠰ ᠲᠡᠭᠡᠨ ᠭᠡᠩᠰᠢᠭᠦᠤ ᠳᠠᠯᠪᠢᠨ᠎ᠠ᠃ ᠭᠠᠯ ᠳᠠᠭᠠᠨ ᠠᠷᠢᠭᠢ ᠳᠠᠷᠠᠰᠤ ᠰᠠᠴᠤᠯᠠᠨ᠂ ᠢᠳᠠᠰᠢ ᠣᠤᠭᠤᠰᠢ ᠪᠠᠨ ᠭᠠᠯ ᠳᠠᠭᠠᠨ ᠡᠷᠭᠦᠨ᠎ᠡ᠃ ᠡᠭᠦᠨ ᠢ ᠭᠡᠩᠰᠢᠭᠦᠤ ᠭᠡᠨ᠎ᠡ᠃

ᠪᠦᠭᠦ ᠵᠢᠯ ᠳᠡᠭᠡᠨ ᠮᠠᠯ ᠪᠣᠯᠤᠨ ᠭᠡᠷ ᠭᠦᠷᠢᠶ᠎ᠡ ᠶᠢ ᠮᠠᠨᠠᠨ ᠰᠠᠭᠢᠭᠴᠢ ᠭᠡᠳ ᠨᠤᠬᠠᠢ ᠳᠤ ᠬᠤᠭᠤᠯᠠ ᠴᠢᠨᠠᠵᠤ ᠴᠠᠳᠳᠠᠯ᠎ᠠ ᠨᠢ ᠢᠳᠡᠭᠦᠯᠦᠨ᠎ᠡ᠃ ᠥᠭᠡᠷ ᠤᠨ ᠭᠡᠪᠳᠡᠰᠢ ᠶᠢ ᠵᠤᠵᠠᠭᠠᠯᠠᠨ᠂ ᠡᠪᠠᠰᠤ ᠪᠣᠷᠳᠤᠭ᠎ᠠ ᠶᠢ ᠨᠢ ᠡᠯᠪᠠᠭ᠌ ᠳᠡᠯᠪᠠᠭ᠌ ᠦᠭ‍ᠭᠦᠨ᠎ᠡ᠃ ᠨᠢᠭᠡ ᠯᠠ ᠥᠭᠡ ᠪᠠᠷ ᠭᠡᠯᠡᠪᠠᠯ ᠠᠮᠢᠳᠠᠨ ᠪᠦᠭᠦᠨ ᠢ ᠬᠤᠭᠤᠰᠤᠨ ᠬᠤᠨᠤᠭᠤᠯᠬᠤ ᠦᠭᠡᠶ᠃ ᠠᠢ᠌ᠷᠠᠭ ᠤᠨ ᠰᠠᠪᠠᠨ ᠳᠤ ᠴᠠᠭ᠎ᠠ ᠳᠤᠰᠬᠠᠵᠤ᠂ ᠠᠷᠢᠭᠢ ᠳᠤᠰᠤᠭᠴᠢ ᠰᠠᠪᠠᠨ ᠳᠤ ᠠᠷᠢᠭᠢ ᠳᠤᠰᠤᠯᠭᠠᠨ᠂ ᠪᠦᠭᠦ ᠰᠠᠪᠠ ᠰᠠᠭᠤᠯᠭ᠎ᠠ ᠳᠤ ᠢᠳᠡᠭᠡᠨ ᠣᠮᠳᠠᠭᠠᠨ ᠭᠢᠵᠤ ᠬᠤᠭᠤᠰᠤᠨ ᠥᠯᠡᠳᠡᠭᠡᠨ ᠰᠠᠪᠠ ᠰᠠᠭᠤᠯᠭ᠎ᠠ ᠳᠠᠯᠪᠢᠬᠤ ᠶᠢ ᠴᠡᠭᠡᠷᠯᠡᠨ᠎ᠡ᠃

ᠪᠢᠳᠡᠭᠦᠨ ᠤ ᠡᠳᠦᠷ ᠭᠡᠷᠡᠭᠦᠯ ᠱᠤᠤᠭᠢᠶᠠᠨ ᠭᠠᠷᠭᠠᠬᠤ ᠶᠢ ᠶᠡᠭᠡᠳᠡ ᠴᠡᠭᠡᠷᠯᠡᠨ᠎ᠡ᠃ ᠭᠡᠷᠪᠡ ᠪᠢᠳᠡᠭᠦᠨ ᠤ ᠡᠳᠦᠷ ᠭᠡᠷᠡᠭᠦᠯ ᠭᠡᠯᠡ ᠠᠮᠠ ᠪᠣᠯᠤᠯᠴᠠᠪᠠᠯ ᠪᠦᠭᠦ ᠨᠢᠭᠡ ᠵᠢᠯ ᠳᠡᠭᠡᠨ ᠭᠡᠷᠡᠭᠦᠯ ᠱᠤᠤᠭᠢᠶᠠᠨ ᠳᠠᠰᠤᠷᠠᠳᠠᠭ ᠦᠭᠡᠶ ᠭᠡᠵᠤ ᠭᠡᠯᠡᠳᠡᠭ᠌᠃

ᠰᠢᠨ᠎ᠠ ᠶᠢᠨ ᠨᠢᠭᠡᠨ ᠤ ᠦᠷᠯᠦᠭᠡ ᠶᠡᠭᠡ ᠡᠷᠳᠡ ᠪᠣᠰᠴᠤ᠂ ᠭᠦᠮᠤᠨ ᠪᠣᠯᠭᠠᠨ ᠰᠢᠨ᠎ᠠ ᠬᠤᠪᠴᠠᠰᠤ ᠪᠠᠨ ᠡᠮᠦᠰᠴᠤ ᠦᠷ ᠭᠡᠭᠡᠷᠡᠵᠤ ᠪᠠᠢ᠌ᠭ᠎ᠠ ᠦᠶ᠎ᠡ ᠪᠠᠷ ᠭᠡᠷ ᠡᠴᠠ ᠭᠠᠷᠴᠤ 《ᠳᠡᠭᠡᠷ᠎ᠡ ᠮᠦᠷᠭᠦᠨ᠎ᠡ》 ᠭᠡᠵᠤ ᠭᠠᠯ ᠲᠦᠯᠠᠵᠤ ᠰᠠᠴᠤᠯᠢ ᠰᠠᠷᠵᠢᠮ ᠶᠢᠡᠨ ᠡᠷᠭᠦᠵᠤ᠂ ᠭᠦᠵᠢ ᠰᠠᠩ ᠶᠢᠡᠨ ᠣᠭᠤᠭᠢᠭᠤᠯᠵᠤ᠂ ᠢᠳᠠᠰᠢ ᠣᠤᠭᠤᠰᠢ ᠪᠠᠨ ᠡᠷᠭᠦᠨ ᠪᠠᠷᠠᠭᠤᠠᠰᠢ ᠬᠠᠨᠳᠤᠨ ᠠᠯᠳᠠᠢ ᠬᠠᠩᠭ᠋ᠠᠢ ᠶᠢᠨ ᠵᠥᠭ᠌ ᠰᠥᠰᠦᠭ᠌ ᠪᠢᠰᠢᠷᠠᠯ ᠶᠢᠡᠨ ᠭᠦᠢᠴᠡᠳᠭᠡᠨ᠎ᠡ᠃

ᠭᠡᠢ᠌ᠮᠦᠷᠢ ᠶᠢᠨ ᠳᠠᠮᠠᠭ᠎ᠠ ᠭᠡᠵᠤ ᠥᠭᠡᠯᠡᠳ ᠠᠢ᠌ᠯ ᠪᠣᠯᠭᠠᠨ ᠳᠤ ᠪᠦᠷ ᠪᠠᠢ᠌ᠳᠠᠭ᠃ ᠰᠢᠨ᠎ᠠ ᠶᠢᠨ ᠨᠢᠭᠡᠨ ᠳᠤ ᠡᠷᠳᠡ ᠮᠦᠷ ᠶᠢᠡᠨ ᠭᠠᠷᠭᠠᠵᠤ ᠭᠡᠢ᠌ᠮᠦᠷᠢ ᠪᠠᠨ ᠭᠡᠢ᠌ᠰᠭᠡᠨ᠎ᠡ᠃ ᠭᠡᠰᠡᠭ᠌ ᠮᠤᠤᠲ᠋ᠸᠤ ᠴᠠᠭᠠᠰᠤ ᠶᠢ ᠳᠦᠷᠪᠠᠯᠵᠢᠨ ᠬᠠᠢ᠌ᠴᠢᠯᠠᠭᠰᠠᠨ ᠳᠠᠷᠠ ᠭᠡᠰᠡᠭ᠌ ᠳᠦᠷᠪᠠᠯᠵᠢᠨ ᠴᠠᠭᠠᠰᠤᠨ ᠳᠡᠭᠡᠷ᠎ᠡ ᠪᠠᠨ ᠭᠡᠢ᠌ᠮᠦᠷᠢ ᠶᠢᠨ ᠳᠠᠮᠠᠭ᠎ᠠ ᠪᠠᠨ ᠳᠠᠷᠤᠨ᠎ᠠ᠃ ᠳᠠᠷᠤᠭᠰᠠᠨ ᠳᠠᠮᠠᠭ᠎ᠠ ᠲᠡᠶ ᠴᠠᠭᠠᠰᠤ ᠪᠠᠨ ᠣᠷᠳᠤ ᠪᠣᠷᠭᠠᠰᠤᠨ ᠮᠤᠳᠤᠨ ᠤ ᠰᠠᠯᠠᠭᠠᠨ ᠳᠤ ᠬᠠᠪᠴᠢᠭᠤᠯᠤᠨ ᠭᠡᠢ᠌ᠮᠦᠷᠢ ᠶᠢᠨ ᠵᠥᠭ᠌ ᠲᠡᠭᠡᠨ ᠭᠠᠷᠴᠤ ᠬᠠᠳᠬᠤᠨ ᠭᠡᠢ᠌ᠰᠭᠡᠨ᠎ᠡ᠃ ᠭᠡᠢ᠌ᠮᠦᠷᠢ ᠶᠢᠨ ᠶᠠᠪᠣᠳᠠᠯ ᠪᠣᠯ ᠴᠦᠮ ᠡᠷᠡᠭ᠍ᠳᠡᠢ᠌ᠴᠦᠳ ᠤᠨ ᠭᠦᠢᠴᠡᠳᠭᠡᠭᠦ ᠵᠣᠢ᠌ᠯᠠᠰ ᠪᠣᠯᠤᠨ᠎ᠠ᠃ ᠡᠢ᠌ᠮᠤ ᠶᠠᠪᠣᠳᠠᠯ ᠳᠤ ᠪᠣᠯ ᠡᠮᠡᠭ᠍ᠳᠡᠢ ᠭᠦᠮᠤᠨ ᠬᠤᠪᠢ ᠭᠦᠷᠳᠡᠭᠡᠯ ᠪᠠᠢ᠌ᠬᠤ ᠦᠭᠡᠶ᠃

ᠭᠡᠷ ᠤᠨ ᠭᠠᠳᠠᠨᠠᠭᠢ ᠪᠦᠭᠦ ᠶᠤᠰᠤᠨ ᠭᠦᠢᠴᠡᠪᠠᠯ ᠰᠠ‍‌ᠶᠢ ᠭᠡᠷ ᠲᠤ ᠣᠷᠤᠵᠤ ᠢᠷᠠᠨ᠎ᠠ᠃ ᠭᠡᠷ ᠲᠤ ᠣᠷᠤᠭᠰᠠᠨ ᠤ ᠬᠣᠢ᠌ᠨ᠎ᠠ ᠭᠡᠷ ᠤᠨ ᠡᠵᠡᠨ ᠳᠠᠯᠠᠯᠭᠠᠨ ᠤ ᠰᠠᠪᠠ ᠪᠠᠨ ᠪᠠᠷᠢᠵᠤ᠄

ᠬᠠᠭᠤᠴᠢᠨ ᠵᠢᠯ ᠤᠨ ᠬᠤᠳᠤᠷᠢ ᠬᠤᠷᠢᠶᠠᠭᠳᠠᠵᠤ

ᠰᠢᠨ᠎ᠠ ᠵᠢᠯ ᠤᠨ ᠪᠣᠶᠠᠨ ᠭᠡᠰᠢᠭ᠌ ᠢᠷᠡᠳᠦᠭᠡᠢ

ᠭᠡᠵᠤ ᠬᠤᠷᠤᠢ᠂ ᠬᠤᠷᠤᠢ᠂ ᠬᠤᠷᠤᠢ ᠬᠤᠷᠣᠢ᠌ᠯᠠᠨ ᠳᠠᠭᠤᠳᠠᠨ᠎ᠠ᠃ ᠢᠩᠭᠢᠭᠡᠳ ᠳᠠᠯᠠᠯᠭᠠᠨ ᠤ ᠰᠠᠪᠠ ᠪᠠᠨ ᠪᠣᠷᠬᠠᠨ ᠤ ᠡᠮᠦᠨ᠎ᠡ ᠳᠠᠯᠪᠢᠭᠠᠤᠨ ᠪᠣᠷᠬᠠᠨ ᠳᠠᠭᠠᠨ ᠭᠤᠷᠪᠠᠠᠳᠠ ᠵᠠᠯᠪᠠᠷᠢᠨ ᠮᠦᠷᠭᠦᠵᠤ ᠳᠠᠭᠤᠰᠤᠭᠠᠤᠨ᠂ ᠨᠠᠰᠤᠨ ᠤ ᠳᠠᠷᠠᠭᠠᠯᠠᠯ ᠶᠢᠡᠷ ᠬᠡᠦᠬᠡᠳ ᠪᠠᠭᠠᠴᠤᠳ ᠳᠤᠤᠷ᠎ᠠ ᠦᠶ᠎ᠡ ᠡᠴᠠ ᠡᠭᠢᠯᠡᠨ ᠬᠠᠳᠠᠭ ᠪᠠᠷᠢᠵᠤ ᠡᠪᠦᠭᠡ᠂ ᠡᠮᠡᠭᠡ᠂ ᠠᠪᠣ᠂ ᠡᠵᠢ ᠠᠬᠠᠰ ᠵᠠᠬᠠᠰ ᠲᠠᠭᠠᠨ 《ᠮᠠᠠᠳᠤ ᠡ ︕》 ᠭᠡᠳ ᠵᠤᠯᠭᠠᠵᠤ ᠮᠦᠷᠭᠦᠨ᠎ᠡ᠃

ᠭᠦᠪᠠᠭᠦᠨ ᠬᠡᠦᠬᠡᠳ ᠪᠣᠯ ᠴᠦᠮ ᠭᠦᠭᠡᠷᠡᠭ᠌ (ᠭᠦᠭᠦᠷ) ᠲᠡᠶ ᠪᠠᠢ᠌ᠳᠠᠭ᠃ ᠡᠨᠡ ᠮᠠᠳᠤ ᠬᠤᠭᠤᠷᠤᠠᠳᠤ ᠪᠠᠨ ᠬᠠᠳᠠᠭ ᠶᠢᠡᠷ ᠵᠤᠯᠭᠠᠵᠤ ᠭᠦᠭᠡᠷᠡᠭ᠌ ᠶᠢᠡᠷ ᠳᠠᠮᠠᠭᠢᠯᠠᠳᠠᠭ᠃

ᠰᠢᠨ᠎ᠠ ᠶᠢᠨ ᠨᠢᠭᠡᠨ ᠤ ᠡᠷᠳᠡ ᠠᠭᠤᠯᠵᠠᠭᠴᠢᠳ᠄ ᠰᠢᠨ᠎ᠠ ᠵᠢᠯ ᠤᠨ ᠰᠢᠠᠵᠢ ᠶᠠᠮᠠᠷ ᠪᠣᠢ ︖ ᠭᠡᠪᠠᠯ

᠊᠊᠊᠊᠊᠊᠊᠊᠊᠊᠊᠊᠊᠊᠊ ᠨᠤᠬᠠᠢ ᠬᠤᠴᠠᠭᠰᠠᠨ ᠦᠭᠡᠶ ᠭᠡᠳᠡᠭ᠌᠃ ᠨᠤᠬᠠᠢ ᠬᠤᠴᠠᠪᠠᠯ ᠳᠡᠭᠡᠷᠡᠮ ᠬᠤᠯᠠᠭᠠᠢ ᠣᠯᠠᠨ ᠭᠡᠯᠴᠡᠳᠡᠭ᠌᠃

᠊᠊᠊᠊᠊᠊᠊᠊᠊᠊᠊᠊᠊᠊᠊ ᠡᠷᠳᠡ ᠪᠣᠰᠤᠭᠰᠠᠨ ᠭᠡᠳᠡᠭ᠌᠃ ᠱᠠᠷ ᠳᠦᠷᠦᠭᠦᠯᠡᠨ ᠡᠷᠳᠡ ᠪᠣᠰᠪᠠᠯ ᠳᠠᠷᠢᠶ᠎ᠠ ᠲᠦᠮᠦᠰᠦ ᠰᠠᠢ᠌ᠨ ᠣᠷᠭᠤᠨ᠎ᠠ ᠭᠡᠳᠡᠭ᠌᠃

᠊᠊᠊᠊᠊᠊᠊᠊᠊᠊᠊᠊᠊᠊᠊ ᠮᠤᠷᠢ ᠳᠤᠷᠭᠢᠭᠰᠠᠨ ᠦᠭᠡᠶ ᠭᠡᠳᠡᠭ᠌᠃ ᠮᠤᠷᠢ ᠳᠤᠷᠭᠢᠪᠠᠯ ᠳᠠᠢ᠌ᠨ ᠳᠠᠵᠢᠨ ᠪᠣᠯᠤᠨ᠎ᠠ ᠭᠡᠯᠴᠡᠨ᠎ᠡ᠃

ᠭᠦᠭ᠍ᠰᠢᠴᠦᠦᠯ ᠨᠢ ᠦᠷ᠎ᠡ ᠬᠡᠦᠬᠡᠳ ᠤᠨ ᠶᠢᠡᠨ ᠳᠠᠷᠠᠭᠠᠯᠠᠯ ᠶᠢᠡᠷ ᠨᠢ ᠳᠠᠷᠠᠭᠠᠯᠠᠵᠤ᠄

ᠨᠠᠰᠤᠨ ᠳᠠᠭᠠᠨ ᠨᠠᠢ᠌ᠷ ᠳᠠᠢ

ᠦᠶ᠎ᠡ ᠳᠡᠭᠡᠨ ᠵᠢᠷᠭᠠᠯ ᠳᠠᠢ

ᠨᠠᠷᠠᠨ ᠠᠳᠠᠯᠢ ᠮᠠᠠᠳᠤᠵᠤ

ᠨᠠᠪᠴᠢ ᠠᠳᠠᠯᠢ ᠳᠡᠯᠭᠡᠷᠡᠵᠤ

ᠵᠤᠯᠠ ᠠᠳᠠᠯᠢ ᠮᠠᠳᠤᠵᠤ

ᠵᠤᠯᠵᠠᠭ᠎ᠠ ᠨᠠᠷᠠᠰᠤ ᠰᠢᠭ ᠨᠤᠭᠤᠭᠠᠷᠠᠭᠠᠷᠠᠢ

ᠭᠡᠵᠤ ᠢᠷᠦᠭᠡᠨ ᠪᠠᠯᠡᠭ᠌ ᠤᠨ ᠵᠣᠢ᠌ᠯᠠᠰ ᠶᠢᠡᠨ ᠥᠭ᠍ᠴᠤ ᠬᠠᠭᠠᠷᠢᠮᠠᠯ ᠪᠣᠭᠤᠷᠰᠤᠭ ᠶᠢᠡᠨ ᠬᠡᠦᠬᠡᠳ ᠤᠨ ᠭᠠᠷ ᠲᠤ ᠪᠠᠷᠢᠭᠤᠯᠤᠨ᠎ᠠ᠃

ᠰᠢᠨᠡᠯᠡᠭᠦ ᠳᠤ ᠵᠠᠯᠠᠭᠤᠴᠤᠳ ᠮᠤᠷᠢ ᠣᠨᠤᠵᠤ᠂ ᠨᠠᠰᠤᠳᠠᠢ᠌ᠴᠤᠳ ᠪᠣᠯ ᠥᠭᠡᠷ ᠳᠡᠷᠭᠡ᠂ ᠮᠤᠷᠢᠨ ᠳᠡᠷᠭᠡ ᠫᠠᠭᠠᠷ ᠭᠡᠳᠡᠭ᠌ ᠮᠤᠷᠢ ᠥᠭᠡᠷ ᠭᠦᠯᠯᠡᠵᠤ ᠴᠠᠰᠤᠨ ᠳᠤ ᠭᠤᠯᠭᠤᠨ ᠶᠠᠪᠣᠬᠤ ᠳᠤᠰᠬᠠᠢ ᠴᠢᠷᠭ᠎ᠠ ᠪᠠᠷ ᠶᠠᠪᠣᠳᠠᠭ᠃

ᠰᠢᠨ᠎ᠠ ᠶᠢᠨ ᠨᠢᠭᠡᠨ ᠳᠤ ᠭᠡᠷ ᠤᠨ ᠶᠤᠰᠤᠨ ᠶᠢᠡᠨ ᠳᠡᠭᠦᠰᠭᠡᠪᠠᠯ᠂ ᠣᠷᠴᠢᠨ ᠳᠤᠭᠤᠷᠢᠨ ᠤ ᠠᠢ᠌ᠯ ᠤᠨ ᠶᠢᠡᠨ ᠬᠠᠮᠤᠭ ᠤᠨ ᠦᠨᠳᠦᠷ ᠨᠠᠰᠤᠳᠠᠢ ᠭᠦᠮᠤᠨ ᠳᠤ ᠣᠴᠢᠵᠤ ᠠᠨᠢᠯᠠᠨ᠎ᠠ᠃ ᠭᠠᠷ ᠤᠨ ᠴᠠᠭᠠᠨ ᠪᠠᠯᠡᠭ᠌ ᠬᠵᠤ ᠨᠠᠰᠤᠳᠠᠢ᠌ᠴᠤᠳ ᠲᠤ ᠪᠠᠯᠡᠭ᠌ ᠪᠠᠷᠢᠨ᠎ᠠ᠃

ᠰᠢᠨ᠎ᠠ ᠵᠢᠯ ᠤᠨ ᠪᠠᠯᠡᠭ᠌

ᠰᠦᠯᠳᠡ ᠪᠣᠷᠬᠠᠨ ᠤ ᠷᠠᠰᠢᠶᠠᠨ

ᠬᠠᠭᠤᠴᠢᠨ ᠵᠢᠯ ᠤᠨ ᠪᠠᠯᠡᠭ᠌

ᠬᠤᠷᠮᠤᠰᠳᠠ ᠳᠡᠭ᠍ᠷᠢ ᠶᠢᠨ ᠷᠠᠰᠢᠶᠠᠨ

ᠭᠡᠵᠤ ᠠᠷᠢᠭᠢ ᠪᠠᠷᠢᠨ᠎ᠠ᠃ ᠨᠠᠰᠤᠳᠠᠢ᠌ᠴᠤᠳ ᠢᠷᠡᠭ᠍ᠰᠡᠨ ᠵᠤᠴᠢᠨ ᠤ ᠨᠠᠰᠤᠨ ᠤ ᠳᠠᠷᠠᠭᠠᠯᠠᠯ ᠶᠢᠡᠷ ᠪᠠᠷᠢ ᠭᠦᠮᠤᠨ ᠶᠤᠮ ᠦᠦ᠂ ᠪᠠᠷᠢ ᠲᠡᠶ ᠵᠠᠯᠠᠭᠤᠰ ᠢ ᠪᠣᠯ᠄

ᠭᠡᠢ᠌ᠮᠦᠷᠢ ᠴᠢᠨᠢ ᠭᠡᠢ᠌ᠰᠴᠤ

ᠭᠡᠰᠢᠭ᠌ ᠪᠣᠶᠠᠨ ᠴᠢᠨᠢ ᠳᠡᠯᠭᠡᠷᠡᠵᠤ

ᠬᠤᠳᠠ ᠪᠠᠷ ᠳᠦᠭᠦᠷᠡᠩ ᠮᠠᠯ ᠳᠠᠢ

ᠬᠤᠷᠮᠤᠢ ᠪᠠᠷ ᠳᠦᠭᠦᠷᠡᠩ ᠬᠡᠦᠬᠡᠳ ᠲᠡᠶ

ᠭᠦᠷᠢᠶ᠎ᠡ ᠳᠦᠭᠦᠷᠡᠩ ᠮᠠᠯ ᠳᠠᠢ

ᠭᠦᠡᠵᠢᠯᠡ ᠳᠦᠭᠦᠷᠡᠩ ᠦᠷ᠎ᠡ ᠳᠠᠢ

ᠨᠠᠰᠤ ᠶᠡᠭᠡ ᠨᠠᠰᠤᠯᠠᠵᠤ

ᠨᠠᠢ᠌ᠳᠠ ᠪᠠᠷ ᠶᠢᠡᠨ ᠵᠢᠷᠭᠠᠵᠤ ᠶᠠᠪᠣᠭᠠᠷᠢ

ᠭᠡᠵᠤ ᠢᠷᠦᠭᠡᠨ ᠠᠷᠢᠭᠢ ᠪᠠᠨ ᠪᠠᠷᠢᠨ᠎ᠠ᠃

ᠣᠭ ᠲᠠᠭᠠᠨ ᠥᠭᠡᠯᠡᠳᠴᠥᠳ ᠬᠠᠷ᠎ᠠ ᠪᠣᠳᠠᠭ᠎ᠠ ᠳᠠᠷᠢᠳᠠᠭ ᠪᠠᠢ᠌ᠵᠠᠢ᠃ ᠡᠨᠡ ᠪᠣᠳᠠᠭᠠᠨ ᠤ ᠬᠠᠯᠢᠰᠤ ᠨᠢ ᠬᠠᠷᠠᠪᠳᠤᠷ ᠪᠣᠯᠬᠤᠷ ᠬᠠᠯᠢᠰᠤᠨ ᠥᠩᠭᠡ ᠪᠠᠷ ᠨᠢ ᠬᠠᠷ᠎ᠠ ᠪᠣᠳᠠᠭ᠎ᠠ ᠭᠡᠳᠡᠭ᠌᠃ ᠡᠨᠡ ᠪᠣᠳᠠᠭ᠎ᠠ ᠪᠠᠨ ᠬᠤᠶᠠᠷ ᠠᠷᠭ᠎ᠠ ᠪᠠᠷ ᠪᠣᠯᠪᠠᠰᠤᠷᠠᠭᠤᠯᠤᠨ ᠠᠪᠳᠠᠭ᠃

1. ᠬᠠᠷ᠎ᠠ ᠪᠣᠳᠠᠭ᠎ᠠ ᠪᠠᠨ ᠬᠠᠯᠢᠰᠤ ᠲᠡᠶ ᠨᠢ ᠴᠢᠨᠠᠭᠠᠤᠨ᠂ ᠳᠠᠭᠢᠨ ᠳᠤᠭᠤᠭᠠᠨ ᠳᠤ ᠭᠢᠵᠤ ᠬᠠᠭᠤᠷᠠᠭᠠᠤᠨ ᠣᠭᠤᠷ ᠲᠤ ᠴᠤᠭᠢᠵᠤ ᠴᠠᠢ᠌ᠯᠭᠠᠨ᠎ᠠ᠃ ᠡᠭᠦᠨ ᠢ ᠪᠣᠯᠤᠭᠰᠠᠨ ᠪᠣᠳᠠᠭ᠎ᠠ ᠭᠡᠨ᠎ᠡ᠃ (ᠪᠣᠰᠤᠳ ᠨᠤᠳᠤᠭ ᠤᠨ ᠭᠢᠨ ᠬᠠᠭᠤᠷᠤᠭᠰᠠᠨ ᠠᠮᠤ ᠪᠣᠶᠤ ᠣᠲ᠋ ᠪᠣᠳᠠᠭ᠎ᠠ) ᠭᠡᠳᠡᠭ᠌᠃ ᠥᠭᠡᠯᠡᠳᠴᠥᠳ ᠡᠨᠡ ᠪᠣᠯᠤᠭᠰᠠᠨ ᠪᠣᠳᠠᠭ᠎ᠠ ᠪᠠᠷ ᠭᠤᠤᠯᠳᠠᠭᠤ ᠴᠠᠢ ᠪᠣᠳᠠᠭᠠᠯᠠᠵᠤ ᠣᠤᠭᠤᠨ᠎ᠠ᠃

2. ᠬᠠᠯᠢᠰᠤ ᠲᠡᠶ ᠬᠠᠷ᠎ᠠ ᠪᠣᠳᠠᠭ᠎ᠠ ᠪᠠᠨ ᠴᠢᠨᠠᠵᠤ ᠭᠠᠷᠭᠠᠭᠠᠤᠨ᠂ ᠬᠠᠳᠠᠭᠰᠠᠨ ᠤ ᠰᠡᠭᠦᠯᠡᠷ ᠣᠭᠤᠷ ᠲᠤ ᠴᠤᠭᠢᠵᠤ ᠴᠠᠢ᠌ᠯᠭᠠᠨ᠎ᠠ᠃ ᠴᠠᠢ᠌ᠯᠭᠠᠭᠰᠠᠨ ᠪᠣᠳᠠᠭ᠎ᠠ ᠪᠠᠨ ᠊᠊᠊᠊᠊᠊᠊᠊᠊᠊᠊᠊᠊᠊᠊ ᠬᠠᠯᠳᠠᠭᠠᠰᠤᠨ ᠪᠣᠳᠠᠭ᠎ᠠ ᠭᠡᠳᠡᠭ᠌᠃ ᠬᠠᠯᠳᠠᠭᠠᠰᠤᠨ ᠪᠣᠳᠠᠭ᠎ᠠ ᠪᠠᠨ ᠮᠢᠬ᠎ᠠ ᠲᠡᠶ ᠴᠢᠨᠠᠵᠤ ᠰᠢᠨᠡᠯᠡᠭᠦ ᠳᠤ ᠢᠳᠠᠨ᠎ᠠ᠃ ᠠᠨᠢᠯᠠᠬᠤ ᠪᠠᠷ ᠢᠷᠡᠭ᠍ᠰᠡᠨ ᠵᠤᠴᠢᠳ ᠲᠤ ᠱᠦᠯᠦ ᠠᠮᠰᠠᠭᠤᠯᠤᠨ᠎ᠠ ᠭᠡᠵᠤ ᠡᠭᠦᠨ ᠢ ᠪᠠᠨ ᠠᠶᠠᠭᠠᠯᠠᠵᠤ ᠥᠭ᠍ᠳᠡᠭ᠌᠃

ᠰᠢᠨᠡᠯᠡᠭᠦ ᠪᠠᠷ ᠢᠷᠡᠭ᠍ᠰᠡᠳ ᠢ ᠮᠤᠷᠢᠨ ᠱᠤᠩ ᠡᠴᠠ ᠨᠠᠯᠢᠶᠠᠤᠨ ᠵᠠᠢ ᠲᠡᠶ ᠭᠠᠵᠠᠷ ᠲᠤ ᠳᠤᠰᠤᠨ ᠠᠪᠴᠤ ᠣᠨᠤᠭ᠎ᠠ ᠶᠢ ᠨᠢ ᠪᠠᠷᠢᠨ ᠣᠨᠤᠭᠠᠨ ᠡᠴᠠ ᠵᠤᠴᠢᠨ ᠶᠢᠡᠨ ᠪᠠᠭᠤᠯᠭᠠᠵᠤ᠂ ᠵᠤᠴᠢᠨ ᠤ ᠮᠤᠷᠢᠨ ᠣᠯᠤᠩ ᠢ ᠰᠤᠯᠠᠳᠬᠠᠨ ᠣᠨᠤᠭ᠎ᠠ ᠶᠢ ᠨᠢ ᠱᠤᠩ ᠡᠴᠠ ᠣᠶᠠᠨ᠎ᠠ᠃ ᠢᠷᠡᠭ᠍ᠰᠡᠨ ᠵᠤᠴᠢᠨ ᠶᠢᠡᠨ ᠬᠤᠶᠠᠷ ᠭᠠᠷ ᠤᠨ ᠠᠯᠠᠭ᠎ᠠ ᠪᠠᠨ ᠳᠡᠯᠭᠡᠨ ᠭᠡᠷ ᠵᠥᠭ᠌ ᠶᠢᠡᠨ ᠵᠠᠯᠠᠨ᠎ᠠ᠃ ᠵᠤᠴᠢᠨ ᠮᠤᠷᠳᠠᠬᠤ ᠦᠶᠡᠰ ᠮᠤᠷᠢᠨ ᠤ ᠣᠯᠤᠩ ᠢ ᠨᠢ ᠴᠢᠩᠭ᠋ᠠᠯᠠᠨ ᠥᠭ᠍ᠴᠤ᠂ ᠣᠨᠤᠭ᠎ᠠ ᠶᠢ ᠨᠢ ᠪᠠᠷᠢᠵᠤ ᠪᠠᠢ᠌ᠭᠠᠤᠨ ᠵᠤᠴᠢᠨ ᠶᠢᠡᠨ ᠮᠤᠷᠳᠠᠭᠤᠯᠵᠤ ᠦᠳᠡᠨ᠎ᠠ᠃

ᠳᠡᠷᠭᠡ ᠪᠠᠷ ᠢᠷᠡᠭᠦ ᠵᠤᠴᠢᠨ ᠢ ᠴᠤ ᠬᠤᠯᠠ ᠡᠴᠠ ᠳᠤᠰᠤᠨ ᠣᠴᠢᠵᠤ᠂ ᠳᠡᠷᠭᠡ ᠶᠢ ᠪᠠᠭᠤᠯᠭᠠᠨ ᠵᠤᠴᠢᠨ ᠢ ᠭᠡᠷ ᠲᠤ ᠣᠷᠢᠵᠤ᠂ ᠢᠷᠡᠭ᠍ᠰᠡᠨ ᠵᠤᠴᠢᠨ ᠪᠣᠴᠠᠬᠤ ᠳᠤ ᠮᠦᠨ ᠳᠡᠷᠭᠡ ᠶᠢ ᠨᠢ ᠭᠦᠯᠯᠡᠵᠤ ᠭᠦᠳᠡᠯᠤᠨ ᠶᠠᠪᠣᠳᠠᠯ᠎ᠠ ᠨᠢ ᠦᠳᠡᠨ᠎ᠠ᠃

ᠬᠡᠦᠬᠡᠳ ᠪᠠᠭᠠᠴᠤᠳ ᠵᠠᠯᠠᠭᠤᠰ ᠪᠣᠯ ᠠᠢ᠌ᠯ ᠤᠳ ᠢ ᠵᠠᠬ᠎ᠠ ᠳᠠᠷᠠᠭᠠᠯᠠᠨ ᠣᠷᠤᠵᠤ ᠭᠡᠳᠤᠨ ᠡᠳᠦᠷ ᠬᠤᠨᠤᠭ ᠶᠢᠡᠷ ᠠᠨᠢᠯᠠᠭᠠᠤᠨ ᠶᠠᠪᠣᠴᠢᠬᠠᠨ᠎ᠠ᠃

ᠡᠮᠡᠭ᠍ᠳᠡᠢ᠌ᠴᠦᠳ ᠪᠣᠯᠤᠨ ᠪᠠᠷᠢ ᠭᠦᠮᠦᠰ ᠪᠣᠯ ᠳᠦᠷᠭᠦᠮ ᠤᠨ ᠪᠣᠷᠬᠠᠨ ᠳᠤ ᠮᠦᠷᠭᠦᠨ᠎ᠡ ᠭᠡᠵᠤ ᠴᠠᠭᠠᠨ ᠰᠠᠷ᠎ᠠ ᠶᠢᠨ ᠠᠷᠪᠠᠨ ᠳᠠᠪᠤᠨ ᠡᠴᠠ ᠡᠮᠦᠨ᠎ᠡ ᠠᠮᠵᠢᠭᠤᠯᠤᠨ ᠳᠦᠷᠭᠦᠮᠴᠢᠯᠡᠨ᠎ᠡ᠃

ᠡᠨᠡ ᠬᠠᠯᠳᠠᠭᠠᠰᠤᠨ ᠪᠣᠳᠠᠭ᠎ᠠ ᠪᠠᠨ ᠯᠠᠭᠰᠢᠮ᠎ᠠ ᠨᠤᠷᠱᠤᠭᠤᠨ ᠴᠢᠨᠠᠭᠰᠠᠨ ᠶᠢᠡᠨ ᠯᠠᠯᠢ ᠪᠣᠳᠠᠭ᠎ᠠ ᠭᠡᠨ᠎ᠡ᠃ ᠡᠭᠦᠨ ᠢ ᠪᠠᠨ ᠰᠢᠷ᠎ᠠ ᠳᠤᠰᠤ ᠪᠠᠷ ᠵᠢᠭᠤᠷᠠᠵᠤ ᠢᠳᠠᠨ᠎ᠠ᠃ ᠰᠢᠨᠡᠯᠡᠭᠦ ᠪᠠᠷ ᠢᠷᠡᠭ᠍ᠰᠡᠳ ᠲᠤ ᠪᠠᠰᠠ ᠯᠠᠯᠢ ᠬᠤᠭᠤᠯᠠ ᠪᠠᠨ ᠢᠳᠡᠭᠦᠯᠳᠡᠭ᠌᠃ ᠥᠩᠭᠡᠷᠡᠭ᠍ᠰᠡᠨ ᠳᠤ ᠪᠣᠯ ᠥᠭᠡᠯᠡᠳ ᠭᠦᠮᠦᠰ ᠭᠤᠤᠯᠳᠠᠭᠤ ᠴᠠᠭᠠᠨ ᠢᠳᠡᠭᠡ ᠪᠠᠷ ᠰᠢᠨᠡᠯᠡᠳᠡᠭ᠌ ᠪᠠᠢ᠌ᠭᠰᠠᠨ ᠭᠡᠳᠡᠭ᠌᠃

ᠭᠦᠭᠡᠭᠡ ᠰᠠᠷ᠎ᠠ ᠶᠢᠨ ᠬᠤᠷᠢᠨ ᠭᠤᠷᠪᠠᠨ ᠤ ᠦᠳᠡᠰᠢ ᠭᠠᠯ ᠪᠣᠷᠬᠠᠨ ᠳᠡᠭ᠍ᠳᠡᠭ᠍ᠰᠡᠨ ᠡᠴᠠ ᠬᠣᠢ᠌ᠰᠢ ᠭᠤᠴᠢᠨ ᠤ ᠦᠳᠡᠰᠢ ᠭᠠᠯ ᠪᠣᠷᠬᠠᠨ ᠪᠣᠴᠠᠵᠤ ᠢᠷᠠᠳᠠᠯ᠎ᠠ ᠡᠨᠡᠭᠦ ᠳᠤᠯᠤᠭᠠᠨ ᠡᠳᠦᠷ ᠤᠨ ᠬᠤᠭᠤᠷᠤᠠᠳᠤ ᠪᠣᠷᠬᠠᠨ ᠴᠤ ᠦᠭᠡᠶ᠂ ᠴᠢᠳᠭᠦᠷ ᠴᠤ ᠦᠭᠡᠶ ᠰᠠᠢ᠌ᠨ ᠡᠳᠦᠷ ᠭᠡᠭᠦ ᠳᠤ ᠯᠠᠮᠠ ᠪᠣᠯᠤᠨ ᠵᠢᠷᠤᠬᠠᠢ᠌ᠴᠢ ᠪᠠᠷ ᠡᠳᠦᠷ ᠥᠵᠡᠭᠦᠯᠭᠦ ᠭᠡᠷᠡᠭ᠌ ᠦᠭᠡᠶ ᠭᠡᠳᠡᠭ᠌᠃

ᠠᠨᠢᠴᠢᠨ ᠢ ᠳᠤᠰᠤᠨ ᠠᠪᠬᠤ ᠶᠤᠰᠤᠨ

ᠳᠤᠰᠢᠶᠠᠯ ᠵᠡᠷᠭᠡ ᠲᠡᠶ ᠳᠤᠰᠢᠶᠠᠯᠳᠠᠨ᠂ ᠨᠠᠰᠤᠳᠠᠨ᠂ ᠠᠬᠠᠮᠠᠤᠨ ᠭᠦᠮᠦᠰ ᠠᠨᠢᠯᠠᠬᠤ ᠪᠠᠷ ᠢᠷᠡᠭᠦ ᠳᠤ ᠳᠠᠳᠠᠨᠤᠰ ᠢ ᠮᠤᠷᠢᠨ ᠱᠤᠩ ᠳᠤ ᠭᠦᠷᠭᠦ ᠡᠴᠠ ᠡᠮᠦᠨ᠎ᠡ ᠳᠤᠰᠤᠨ ᠣᠴᠢᠬᠤ ᠭᠡᠷᠡᠭ᠍ᠳᠡᠢ᠃

ᠡᠪᠦᠭᠡᠳ ᠭᠦᠭ᠍ᠰᠢᠳ ᠪᠣᠯ ᠳᠠᠪᠠ ᠪᠠᠷ ᠶᠢᠡᠨ ᠠᠭᠠᠵᠢᠭᠤᠬᠠᠨ ᠶᠢᠡᠷ ᠴᠠᠭᠠᠨ ᠰᠠᠷ᠎ᠠ ᠶᠢᠨ ᠠᠷᠪᠠᠨ ᠳᠠᠪᠤᠨ ᠡᠴᠠ ᠬᠣᠢ᠌ᠰᠢ ᠳᠦᠷᠤᠯ ᠰᠠᠳᠤᠨ ᠳᠠᠭᠠᠨ ᠠᠨᠢᠯᠠᠵᠤ ᠶᠠᠪᠣᠨ᠎ᠠ᠃ ᠢᠩᠭᠢᠵᠤ ᠠᠨᠢᠯᠠᠵᠤ ᠶᠠᠪᠣᠬᠤ ᠳᠠᠭᠠᠨ ᠬᠠᠪᠣᠷ ᠤᠨ ᠰᠡᠭᠦᠯ ᠡᠴᠠ ᠵᠤᠨ ᠤ ᠡᠭᠢᠨ ᠰᠠᠷ᠎ᠠ ᠪᠣᠯᠳᠠᠯ᠎ᠠ᠂ ᠭᠦᠭᠡ ᠨᠤᠭᠤᠭ᠎ᠠ ᠣᠷᠭᠤᠳᠠᠯ᠎ᠠ ᠠᠨᠢᠯᠠᠨ ᠳᠤᠭᠤᠷᠢᠵᠤ ᠪᠠᠢ᠌ᠳᠠᠭ᠃


᠊᠊᠊᠊᠊᠊᠊᠊᠊᠊᠊᠊᠊᠊᠊ 1990 ᠣᠨ ᠤ 1 ᠰᠠᠷ᠎ᠠ ᠶᠢᠨ 18 ᠳ᠋ᠤ ᠬᠠᠭᠤᠴᠢᠨ ᠥᠭᠡᠯᠡᠳ ᠤᠨ ᠬᠣᠢ᠌ᠤᠨ ᠣᠪᠣᠭᠳᠤ 76 ᠵᠦᠩᠽᠸᠧ ᠨᠠᠰᠤᠳᠠᠨ ᠤ ᠶᠠᠷᠢᠭᠰᠠᠨ ᠢ ᠳᠡᠮᠳᠡᠭᠯᠡᠨ ᠬᠤᠴᠤᠷᠤᠭᠠᠪᠠᠢ


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠴᠠᠮᠠᠬᠠᠳ·ᠷᠠᠵᠢᠤᠮ᠎ᠠ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 15276
ᠴᠠᠭ᠄ 2012 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ