ᠨᠡᠪᠲᠡᠷᠡᠨ ᠤᠷᠤᠬᠤ
ᠬᠠᠨᠢ ᠶᠢᠨ ᠳᠤᠳᠠᠭᠤ ᠵᠠᠶᠠᠭ᠎ᠠ

ᠴᠢᠩ ᠬᠠᠢ᠌ᠷ᠎ᠠ ᠶᠢᠨ

ᠣᠶᠠᠭᠠᠰᠤ ᠠᠯᠳᠠᠭᠤᠯᠵᠤ

ᠴᠢ ᠶᠠᠪᠣᠯ᠎ᠠ ︕

ᠴᠢᠮᠡᠭᠡ ᠥᠭᠡᠢ᠌ᠭᠡᠨ ᠪᠤᠳᠡᠷᠡᠬᠤ

ᠨᠠᠪᠴᠢᠰ ᠰᠢᠷᠳᠠᠵᠤ

ᠪᠢ ᠬᠤᠴᠤᠷᠤᠯ᠎ᠠ︕

ᠬᠠᠴᠠᠷ ᠶᠢᠡᠨ ᠨᠠᠭᠠᠨ ᠰᠢᠪᠠᠨᠡᠭ᠍ᠰᠡᠨ

ᠬᠠᠢ᠌ᠷ᠎ᠠ ᠶᠢᠨ ᠬᠠᠯᠠᠭᠤᠨ ᠥᠭᠡᠰ ᠴᠢᠨᠢ

ᠴᠠᠷᠴᠠᠭ᠎ᠠ ᠦᠭᠡᠶ ᠪᠠᠷ ᠶᠠᠪᠣᠴᠢᠬᠠᠯ᠎ᠠ

ᠬᠠᠢ᠌ᠷᠠᠯᠠᠵᠤ ᠳᠠᠭᠠᠯᠠᠨ ᠳᠡᠪᠠᠷᠢᠭ᠍ᠰᠡᠨ

ᠬᠠᠯᠠᠭᠤᠨ ᠭᠠᠷ ᠤᠨ ᠣᠷᠤᠮ

ᠪᠠᠯᠠᠷᠠᠭ᠎ᠠ ᠦᠭᠡᠶ ᠪᠠᠷ ᠶᠠᠪᠣᠴᠢᠬᠠᠯ᠎ᠠ

ᠨᠢᠳᠤᠨ ᠳᠤ ᠪᠠᠭᠤᠭᠰᠠᠨ

ᠴᠢᠨᠤ ᠭᠦᠭᠡᠷᠦᠭᠦᠨ ᠳᠦᠷᠢ

ᠳᠤᠳᠤᠬᠠᠨ ᠶᠠᠩᠵᠤ ᠪᠠᠷ ᠶᠢᠡᠨ ᠪᠠᠢ᠌ᠨ᠎ᠠ

ᠨᠢᠯᠪᠣᠰᠤᠨ ᠳᠤ ᠳᠡᠪᠳᠦᠭ᠍ᠰᠡᠨ

ᠮᠢᠨᠤ ᠭᠦᠭᠡᠷᠦᠭᠦᠢ ᠰᠠᠳᠭᠢᠯ

ᠭᠤᠨᠢᠭᠰᠠᠨ ᠭᠡᠪ ᠶᠢᠡᠷ ᠶᠢᠡᠨ ᠪᠠᠢ᠌ᠨ᠎ᠠ

ᠰᠠᠯᠬᠤ ᠪᠠᠨ ᠭᠦᠯᠢᠶᠡᠭ᠍ᠰᠡᠭᠡᠷ ᠪᠠᠢ᠌ᠵᠤ

ᠶᠠᠭᠤᠨ ᠳᠤ ᠢᠵᠢᠯᠢᠰᠪᠠ ᠭᠡᠵᠤ

ᠡᠮᠨᠢᠭ᠌ ᠵᠢᠷᠦᠭᠡ ᠭᠤᠮᠤᠳᠠᠯ ᠨᠡᠭᠡᠨ᠎ᠡ

ᠰᠠᠨᠠᠬᠤ ᠪᠠᠨ ᠮᠡᠳᠡᠭ᠍ᠰᠡᠭᠡᠷ ᠪᠠᠢ᠌ᠵᠤ

ᠶᠠᠭᠤᠨ ᠳᠤ ᠬᠠᠭᠠᠴᠠᠪᠠ ᠭᠡᠵᠤ

ᠡᠷ᠎ᠡ ᠵᠠᠶᠠᠭ᠎ᠠ ᠡᠮᠳᠡᠷᠡᠵᠤ ᠭᠦᠢᠴᠡᠨ᠎ᠡ

ᠵᠠᠮ ᠪᠠᠢ᠌ᠭᠠᠤᠨ

ᠵᠠᠮ ᠶᠢᠡᠨ ᠣᠯᠤᠭᠰᠠᠨ ᠦᠭᠡᠶ

ᠳᠦᠭᠡᠷᠡᠭ᠍ᠰᠡᠨ

ᠵᠠᠶᠠᠭᠠᠨ ᠳᠠᠭᠠᠨ ᠰᠢᠷᠬ᠎ᠠ ᠲᠡᠶ ᠬᠤᠨ

ᠴᠢ ᠪᠢᠳᠠ ᠬᠤᠶᠠᠷ ᠡ︕

ᠢᠷᠦᠭᠡᠯ ᠪᠠᠢ᠌ᠭᠠᠤᠨ

ᠢᠷᠦᠭᠡᠯ ᠶᠢᠡᠷ ᠨᠡᠢ᠌ᠯᠡᠭ᠍ᠰᠡᠨ ᠦᠭᠡᠶ

ᠰᠠᠯᠤᠯᠴᠠᠭᠰᠠᠨ

ᠰᠡᠳᠭᠢᠯ ᠳᠡᠭᠡᠨ ᠰᠤᠷᠪᠢ ᠲᠡᠶ ᠠᠩᠭᠢᠷ ᠴᠤ

ᠴᠢ ᠪᠢᠳᠠ ᠬᠤᠶᠠᠷ ᠡ︕

ᠣᠷᠣᠢ᠌ᠳᠠᠵᠤ ᠣᠴᠠᠷᠠᠭᠰᠠᠨ

ᠬᠠᠨᠢ ᠶᠢᠨ ᠳᠤᠳᠠᠭᠤ ᠵᠠᠶᠠᠭ᠎ᠠ

ᠴᠢ ᠪᠢᠳᠠ ᠬᠤᠶᠠᠷ ᠡ︕

ᠣᠩᠭ᠋ᠤᠨ ᠳᠤᠷᠠᠯᠠᠯ ᠶᠢᠡᠨ

ᠵᠠᠳᠠᠯᠵᠤ ᠴᠢᠳᠠᠭᠰᠠᠨ ᠦᠭᠡᠶ ᠮᠥᠭᠦᠭ᠍ᠰᠡᠨ

ᠬᠠᠢ᠌ᠷ᠎ᠠ ᠶᠢᠨ ᠦᠨᠦᠴᠢᠨ ᠵᠤᠯᠠ ᠴᠤ

ᠴᠢ ᠪᠢᠳᠠ ᠬᠤᠶᠠᠷ ᠡ︕

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ