ᠨᠡᠪᠲᠡᠷᠡᠨ ᠤᠷᠤᠬᠤ
ᠮᠢᠨᠤ ᠰᠠᠢ᠌ᠬᠠᠨ ᠲᠦᠰᠢᠶᠠᠳᠤ ᠨᠤᠳᠤᠭ

ᠬᠠᠭᠠᠨ ᠳᠡᠭ᠍ᠷᠢ ᠬᠠᠨ ᠠᠭᠤᠯᠠ ᠶᠢᠨ ᠰᠢᠳᠦᠭᠡᠨ ᠳᠠᠢ

ᠬᠠᠳᠠᠭ ᠤᠨ ᠴᠡᠩᠭᠡᠷ ᠬᠤᠤᠯᠢᠨ ᠤ ᠵᠥᠭᠡᠯᠡᠨ ᠣᠷᠤᠰᠬᠠᠯ ᠳᠠᠢ

ᠬᠠᠮᠤᠭ ᠮᠤᠩᠭ᠋ᠤᠯᠴᠤᠳ ᠤᠨ ᠣᠢ᠌ᠯᠠᠰ ᠤᠨ ᠰᠠᠢ᠌ᠬᠠᠨ ᠢ ᠬᠤᠷᠣᠢ᠌ᠯᠠᠭᠰᠠᠨ

ᠬᠠᠳᠠᠨ ᠴᠢᠯᠠᠭᠤᠳ ᠠᠷᠪᠠᠨ ᠳᠠᠪᠤᠨ ᠣᠪᠣᠭ᠎ᠠ ᠳᠠᠢ

ᠮᠢᠨᠤ ᠰᠠᠢ᠌ᠬᠠᠨ ᠲᠦᠰᠢᠶᠠᠳᠤ ᠨᠤᠳᠤᠭ

ᠮᠢᠩᠭ᠋ᠠᠨ ᠣᠨ ᠤ ᠳᠡᠦᠭᠡ ᠶᠢᠨ ᠳᠠᠮᠠᠭ᠎ᠠ

ᠮᠢᠨᠤ ᠰᠠᠢ᠌ᠬᠠᠨ ᠲᠦᠰᠢᠶᠠᠳᠤ ᠨᠤᠳᠤᠭ

ᠮᠤᠩᠭ᠋ᠤᠯᠴᠤᠳ ᠪᠢᠳᠠᠨ ᠤ ᠳᠠᠷᠬᠠᠨ ᠣᠷᠤᠨ

ᠬᠤᠭᠤᠷ ᠤᠨ ᠣᠶᠠᠬᠠᠨ ᠡᠭᠡᠰᠢᠭ᠌ ᠲᠤ ᠪᠠᠳᠤᠴᠠᠭᠠᠨ ᠤ ᠣᠶᠠᠩᠭ᠋᠎ᠠ ᠳᠠᠢ

ᠬᠤᠯᠪᠣᠭ᠎ᠠ ᠥᠯᠢᠭᠡᠷ ᠤᠨ ᠭᠦᠷᠨᠢᠯ ᠳᠤ ᠪᠠᠯᠴᠢᠷ ᠬᠡᠦᠬᠡᠳ ᠴᠤ ᠰᠤᠨᠢᠷᠬᠠᠯ ᠳᠠᠢ

ᠬᠤᠷᠴᠢᠨ ᠰᠤᠶᠤᠯ ᠶᠢᠡᠨ ᠬᠠᠳᠠᠭᠠᠯᠠᠨ ᠭᠦᠭ᠍ᠵᠢᠭᠦᠯᠦᠭ᠍ᠰᠡᠨ

ᠬᠤᠷᠸ᠎ᠠ ᠳᠤ ᠮᠥᠩᠭᠡᠷᠡᠭᠦ ᠵᠠᠶᠠᠭᠠᠨ ᠤ ᠳᠤᠯᠠᠭᠠᠨ ᠥᠯᠦᠭᠡᠢ

ᠮᠢᠨᠤ ᠰᠠᠢ᠌ᠬᠠᠨ ᠲᠦᠰᠢᠶᠠᠳᠤ ᠨᠤᠳᠤᠭ

ᠮᠢᠩᠭ᠋ᠠᠨ ᠣᠨ ᠤ ᠳᠡᠦᠭᠡ ᠶᠢᠨ ᠳᠠᠮᠠᠭ᠎ᠠ

ᠮᠢᠨᠤ ᠰᠠᠢ᠌ᠬᠠᠨ ᠲᠦᠰᠢᠶᠠᠳᠤ ᠨᠤᠳᠤᠭ

ᠮᠤᠩᠭ᠋ᠤᠯᠴᠤᠳ ᠪᠢᠳᠠᠨ ᠤ ᠳᠠᠷᠬᠠᠨ ᠣᠷᠤᠨ

ᠳᠠᠪᠤᠨ ᠳᠠᠷᠢᠶ᠎ᠠ ᠬᠠᠯᠢᠭᠤᠷᠠᠨ ᠬᠠᠯᠢᠭᠤᠷᠠᠭᠠᠤᠨ

ᠳᠠᠷᠭᠤᠨ ᠰᠥᠷᠦᠭ᠌ ᠳᠠᠷᠬᠠᠨ ᠪᠠᠯᠴᠢᠭ᠍ᠰᠡᠨ

ᠮᠠᠠᠳᠤᠬᠤ ᠨᠠᠷᠠᠨ ᠢ ᠡᠷᠭᠦᠨ ᠪᠣᠰᠬᠠᠭᠰᠠᠨ

ᠮᠠᠷᠭᠠᠰᠢ ᠶᠢᠨ ᠠᠶᠠᠨ ᠤ ᠮᠥᠩᠭᠡ ᠶᠢᠨ ᠥᠷᠳᠡᠭᠡ

ᠮᠢᠨᠤ ᠰᠠᠢ᠌ᠬᠠᠨ ᠲᠦᠰᠢᠶᠠᠳᠤ ᠨᠤᠳᠤᠭ

ᠮᠢᠩᠭ᠋ᠠᠨ ᠣᠨ ᠤ ᠳᠡᠦᠭᠡ ᠶᠢᠨ ᠳᠠᠮᠠᠭ᠎ᠠ

ᠮᠢᠨᠤ ᠰᠠᠢ᠌ᠬᠠᠨ ᠲᠦᠰᠢᠶᠠᠳᠤ ᠨᠤᠳᠤᠭ

ᠮᠤᠩᠭ᠋ᠤᠯᠴᠤᠳ ᠪᠢᠳᠠᠨ ᠤ ᠳᠠᠷᠬᠠᠨ ᠣᠷᠤᠨ

ᠵᠤᠬᠢᠶᠠᠭᠴᠢ᠄ ᠰᠤ·ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2805
ᠴᠠᠭ᠄ 2009 ᠤᠨ ᠤ 01 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ