☆ ᠬᠠᠷᠠᠨᠤᠳ ᠳᠦᠷᠤ ᠵᠠᠶᠠᠭ᠎ᠠ
ᠴᠠᠭᠢᠮ ᠬᠤᠯᠪᠣᠭ᠎ᠠ
ᠨᠠᠮ᠎ᠠ ᠶᠢ ᠴᠢᠮ᠎ᠠ ᠳᠡᠭᠡᠷ᠎ᠡ ᠬᠤᠯᠪᠣᠭᠰᠠᠨ ᠭᠡᠭᠡᠨ ᠳᠡᠯᠭᠡᠴᠡ
ᠨᠠᠷᠠᠨ ᠤ ᠵᠠᠢ ᠲᠡᠶ ᠭᠢᠵᠠᠭᠠᠷ ᠢ ᠮᠠᠷᠳᠠᠭᠤᠯᠵᠤ
ᠨᠠᠯᠠᠭᠠᠷ ᠬᠤᠷᠸ᠎ᠠ ᠶᠢᠨ ᠥᠩᠭᠡ ᠶᠢ ᠭᠡᠷᠡᠯ ᠶᠢᠡᠷ ᠰᠤᠯᠢᠪᠠ᠂
ᠴᠢ ᠮᠢᠨᠢ ᠰᠡᠳᠭᠢᠯ ᠳᠤ ᠪᠠᠭᠤᠮ᠎ᠠ ᠬᠠᠷᠠᠭᠳᠠᠵᠤ
ᠰᠠᠨᠠᠵᠤ ᠪᠠᠢ᠌ᠨ᠎ᠠ ᠰᠢᠤ ᠭᠡᠭᠦ ᠨᠢ ᠤᠢ᠌ᠷᠬᠠᠨ ᠪᠠᠰᠠ ᠬᠤᠯᠠᠬᠠᠨ
ᠰᠠᠮᠰᠠ ᠱᠠᠷᠭᠢᠷᠠᠳᠠᠯᠠ ᠳᠤᠷᠠᠰᠤᠮᠵᠢ ᠶᠢᠨ ᠭᠦᠭ᠌ ᠢ ᠭᠦᠡᠳᠡᠵᠤ
ᠬᠠᠷᠠᠴᠠ ᠪᠠᠷ ᠶᠢᠡᠨ ᠡᠷᠭᠡᠯᠡᠨ ᠮᠠᠯᠮᠠᠷᠠᠪᠠ ᠁
ᠬᠠᠨᠢ ᠮᠢᠨᠢ ᠳ᠋ᠡ᠂ ᠬᠠᠯᠠᠭᠤᠨ ᠰᠡᠳᠭᠢᠯ ᠮᠢᠨᠢ᠂
ᠬᠠᠢ᠌ᠯᠠᠩᠬᠠᠨ ᠣᠶᠠᠷᠠᠬᠤ ᠪᠣᠳᠤᠯ ᠪᠣᠳᠤᠯ ᠤᠨ ᠬᠤᠷᠤᠮ ᠳ᠋ᠤ
ᠬᠤᠷᠤᠭᠤᠨ ᠤ ᠥᠵᠦᠭᠦᠷ ᠳᠠᠭᠢ ᠳᠤᠪᠴᠢᠯᠠᠭᠤᠷ ᠴᠠᠴᠠᠷᠠᠵᠤ
ᠴᠢ ᠳᠠᠠᠳᠠ᠂ ᠪᠢ ᠡ᠊ᠨᠳᠡ ᠰᠡᠭᠦᠳᠡᠷᠯᠡᠨ ᠮᠠᠳᠠᠷᠠᠵᠤ
ᠴᠢᠭᠢᠪᠴᠢᠨ ᠤ ᠴᠢᠮᠡᠭᠡ ᠪᠠᠷ ᠬᠠᠢ᠌ᠷ᠎ᠠ ᠪᠣᠳᠠᠷᠠᠪᠠ᠂
ᠠᠯᠤᠰ ᠤᠨ ᠠᠮᠢᠳᠤᠷᠠᠯ ᠬᠠᠮᠢᠭ᠎ᠠ ᠨᠢ ᠴᠤ ᠪᠢᠯᠠ
ᠠᠳᠬᠤ ᠠᠳᠬᠤᠨ ᠳᠠᠭᠠᠨ ᠪᠠᠭᠳᠠᠵᠤ ᠶᠠᠪᠣᠬᠤ ᠨᠢ ᠶᠠᠭᠤ ᠴᠤ ᠪᠢᠯᠠ
ᠠᠪᠣ ᠡᠵᠢ ᠪᠣᠯᠤᠯᠴᠠᠬᠤ ᠨᠢ ᠴᠤ ᠭᠡᠵᠢᠶ᠎ᠡ ᠪᠢᠯᠠ ᠁
ᠠᠯᠠᠭ᠎ᠠ ᠠᠯᠠᠭ᠎ᠠ ᠪᠠᠨ ᠬᠠᠮᠳᠤᠳᠬᠠᠬᠤ ᠶᠢ ᠭᠦᠰᠡᠭᠦ ᠭᠢᠷᠢᠨ᠎ᠡ
ᠴᠢ ᠳᠠᠠᠳᠠᠭᠢ ᠶᠢᠨ ᠭᠢ᠂ ᠪᠢ ᠡ᠊ᠨᠳᠡᠭᠢ ᠶᠢᠨ ᠭᠢ᠂
ᠴᠠᠭᠢᠯᠵᠤ ᠵᠤᠷᠢᠭᠰᠠᠨ ᠵᠠᠯᠠᠭᠤ ᠨᠠᠰᠤᠨ ᠤ ᠡᠷᠢᠯ ᠮᠠᠨᠢ ᠴᠤ
ᠴᠠᠭᠢᠯᠵᠤ ᠬᠠᠷᠪᠣᠭᠰᠠᠨ ᠴᠠᠭᠢᠮ ᠬᠤᠯᠪᠣᠭᠠᠨ ᠤ ᠮᠠᠳᠠᠷᠠᠮᠵᠢ ᠯᠠ ᠪᠠᠢ᠌ᠭᠰᠠᠨ ᠦᠦ
ᠰᠠᠯᠵᠤ ᠮᠡᠳᠡᠷᠡᠭ᠌ ᠡᠨᠡᠭᠦ ᠦᠨ᠎ᠡ ᠴᠠᠨ᠎ᠡ ᠵᠢ
ᠰᠠᠷᠠᠨ ᠤ ᠵᠠᠢ᠌ᠳᠠᠢ ᠠᠮᠠᠷᠠᠭ ᠮᠢᠨᠢ ᠡ︕
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2693
ᠴᠠᠭ᠄ 2011 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ