ᠨᠡᠪᠲᠡᠷᠡᠨ ᠤᠷᠤᠬᠤ
ᠮᠦᠴᠢᠷ

ᠰᠠᠯᠭᠢ ᠦᠨᠦᠷᠳᠠᠨ ᠨᠠᠢ᠌ᠭᠤᠬᠤ

ᠮᠤᠳᠤᠳ ᠤᠨ ᠣᠶᠠᠬᠠᠨ ᠭᠡᠩᠰᠢᠭᠡ

ᠰᠠᠷ᠎ᠠ ᠣᠯᠠᠷᠢᠭᠰᠠᠨ ᠣᠨ ᠤᠳ ᠵᠢᠠᠷ

ᠮᠦᠴᠡ ᠪᠠᠨ ᠶᠠᠭᠠᠭᠢᠵᠤ ᠥᠩᠭᠡᠷᠡᠭᠡᠳᠡᠭ᠌ ᠴᠤ ᠪᠣᠯ ︖


ᠬᠠᠪᠣᠷ ᠢᠯᠴᠢ ᠶᠢᠨ ᠳᠤᠯᠠᠭᠠᠬᠠᠨ ᠳᠤ

ᠥᠰᠦᠭᠡᠢ ᠳᠤᠯᠤᠨ ᠪᠣᠰᠳᠠᠭ ᠴᠤ ᠭᠡᠯᠢᠤ

ᠬᠠᠭᠳᠠ ᠶᠢᠨ ᠨᠤᠭᠤᠭᠠᠨ ᠦᠨᠦᠷ ᠵᠢᠠᠷ

ᠣᠠᠳᠠᠭᠰᠠᠨ ᠮᠦᠴᠢᠷ ᠨᠢ ᠨᠢᠳᠦᠯᠡᠳᠡᠭ᠌ ᠴᠤ ᠭᠡᠯᠢᠤ


ᠵᠤᠨ ᠰᠢᠳᠠᠮ᠎ᠠ ᠬᠠᠯᠠᠭᠤᠨ ᠢ

ᠮᠦᠴᠢᠷ ᠶᠢᠡᠨ ᠳᠡᠯᠭᠡᠵᠤ ᠰᠡᠯᠡᠭᠦᠴᠡᠳᠡᠭ᠌ ᠭᠡᠯᠢᠤ

ᠱᠤᠤᠭᠢᠮ᠎ᠠ ᠢᠷᠡᠭᠦ ᠪᠣᠷᠤᠭᠠᠨ ᠳ᠋ᠤ

ᠰᠢᠭᠦᠷ ᠨᠢ ᠪᠣᠯᠵᠤ ᠳᠡᠯᠭᠡᠭ᠍ᠳᠡᠳᠡᠭ᠌ ᠭᠡᠯᠢᠤ


ᠨᠠᠮᠤᠷ ᠤᠨ ᠣᠢ᠌ᠳᠤᠮ᠎ᠠ ᠨᠡᠭᠦᠳᠡᠯ ᠵᠢᠠᠷ

ᠨᠠᠪᠴᠢᠰ ᠶᠢᠡᠨ ᠳᠠᠭᠠᠭᠠᠬᠤ ᠦᠭᠡᠶ ᠣᠨᠠᠳᠠᠭ ᠭᠡᠯᠢᠤ

ᠨᠠᠷᠠ ᠬᠤᠯᠠᠳᠠᠭᠰᠠᠨ ᠳᠡᠭ᠍ᠷᠢ ᠪᠠᠨ ᠠᠷᠭᠠᠳᠠᠵᠤ

ᠭᠤᠨᠢᠭ ᠶᠢᠡᠨ ᠳᠤᠭᠠᠯᠠᠵᠤ ᠳᠠᠭᠤᠯᠠᠳᠠᠭ ᠴᠤ ᠭᠡᠯᠢᠤ


ᠡᠪᠦᠯ ᠤᠨ ᠴᠠᠰᠤᠨ ᠰᠢᠭᠤᠷᠭᠠᠨ ᠳ᠋ᠤ

ᠨᠢᠴᠦᠭᠦᠨ ᠪᠠᠶ᠎ᠠ ᠪᠠᠨ ᠭᠠᠢ᠌ᠬᠠᠭᠤᠯᠳᠠᠭ ᠭᠡᠯᠢᠤ

ᠦᠪᠴᠢ ᠭᠦᠯᠳᠡᠭᠦᠤ ᠭᠦᠷᠦᠰᠤᠨ ᠳᠤ ᠳᠠᠰᠭᠢᠵᠤ

ᠳᠠᠭᠵᠢᠬᠤ ᠪᠠᠨ ᠮᠠᠷᠳᠠᠵᠤ ᠵᠤᠭᠰᠤᠳᠠᠭ ᠴᠤ ᠭᠡᠯᠢᠤ


ᠠᠮᠢ ᠲᠡᠶ ᠪᠦᠭᠦᠨ ᠳᠠᠭᠤᠯᠠᠳᠠᠭ ᠣᠴᠢᠷ ᠢ

ᠠᠵᠢᠵᠤ ᠡᠭᠡᠰᠢᠭ᠌ ᠲᠤ ᠨᠢ ᠰᠤᠭᠳᠤᠵᠤ ᠰᠠᠭᠤᠯ᠎ᠠ

ᠠᠯᠢ ᠨᠠᠳᠠ ᠡᠴᠠ ᠬᠤᠯᠠᠬᠠᠨ ᠨᠠᠰᠤ ᠳᠠᠢ

ᠢᠯᠴᠢ ᠪᠠᠨ ᠥᠭ᠍ᠳᠡᠭ᠌ ᠮᠦᠴᠢᠷ ᠶᠤᠮ ᠪᠠᠢ᠌ᠨ᠎ᠠ ᠁


           2011 . 11 . 14


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 11 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ