☆ ᠲ·ᠲᠦᠷᠭᠡᠨᠪᠠᠶᠠᠷ
ᠰᠤᠭᠲᠤᠭᠤ ᠪᠢ ᠰᠤᠭᠲᠤᠭᠤ ᠶᠢ ᠵᠢᠭᠰᠢᠬᠦ ᠪᠤᠯᠤᠯ᠎ᠠ
ᠳᠡᠭᠡ ᠶᠢᠨ ᠬᠠᠨ ᠪᠠᠯᠭᠠᠰᠤᠨ ᠳᠠᠭᠠᠨ ᠪᠣᠯ ᠪᠢ ᠴᠢᠨᠢ ᠨᠠᠷᠠ ᠨᠢᠭᠤᠷ ᠶᠢᠡᠨ ᠪᠠᠷᠠᠭᠰᠠᠨ ᠂ ᠨᠠᠢ᠌ᠳᠠ ᠣᠯᠠᠨ ᠳᠠᠭᠠᠨ ᠭᠤᠯᠤᠭᠳᠠᠭᠰᠠᠨ ᠂ ᠠᠷᠢᠭᠢᠨ ᠴᠢᠦᠡᠭᠦᠷ ᠴᠤᠯᠠ ᠲᠡᠶ ᠠᠶᠤᠮᠠᠷ ᠨᠢᠭᠡᠨ ᠤ ᠭᠢᠨ ᠪᠠᠰᠠ ᠨᠢᠭᠡᠨ ᠶᠤᠮ ᠃
ᠳᠠᠷᠠ ᠬᠤᠶᠠᠷ ᠡᠳᠦᠷ ᠨᠢ ᠶᠠᠮᠠᠷ ᠳᠡᠭ᠍ᠷᠢ ᠨᠢ ᠡᠭᠦᠯᠡᠨ ᠵᠠᠪᠰᠠᠷ ᠶᠢᠡᠷ ᠨᠠᠷᠠᠨ ᠦᠵᠡᠵᠤ ᠂ ᠦᠪᠡᠷᠤᠨ ᠪᠠᠶ᠎ᠠ ᠠᠷᠢᠶᠠᠪᠠᠯᠤ ᠪᠣᠷᠬᠠᠨ ᠤ ᠰᠠᠢ᠌ᠨ ᠶᠢᠡᠷ ᠠᠷᠢᠭᠢ ᠣᠤᠭᠤᠭᠰᠠᠨ ᠦᠭᠡᠶ ( ᠪᠠᠶ᠎ᠠ ᠵᠤᠪᠠᠭᠠᠤᠨ ) ᠲᠤᠬᠢᠶᠠᠯ ᠳᠠᠭᠠᠷᠠᠵᠤ ᠪᠠᠢ᠌ᠭᠤᠯᠤᠯᠭ᠎ᠠ ᠵᠥᠭ᠌ ᠶᠢᠡᠨ ᠮᠡᠨᠡᠭ᠍ᠷᠡᠵᠤ ᠶᠠᠪᠣᠳᠠᠯ᠎ᠠ ᠮᠢᠨᠤ ᠬᠠᠮᠳᠤ ᠰᠤᠷᠤᠯᠭᠠᠳᠠᠨ ᠬᠠᠳᠠᠨ ᠳᠤᠳᠤᠷ᠎ᠠ ᠡᠴᠡ ᠬᠠᠭᠠᠷᠠᠭᠠᠤᠨ ᠭᠠᠷᠤᠭᠠᠤᠨ ᠢᠷᠡᠭ᠍ᠰᠡᠨ ᠰᠢᠭ᠌ ᠪᠠᠢ᠌ᠭᠤᠯᠤᠯᠭ᠎ᠠ ᠶᠢᠨ ᠡᠭᠦᠳᠡᠨ ᠡᠮᠦᠨ᠎ᠡ ᠰᠠᠯᠳᠤᠷᠭᠢᠨᠠᠵᠤ ᠵᠤᠭᠰᠤᠵᠤ ᠪᠠᠢ᠌ᠭᠰᠠᠨ ᠶᠢᠡᠨ ᠨᠠᠮᠠᠶ᠋ᠢ ᠪᠠᠨ ᠥᠵᠡᠮᠡᠭ᠍ᠴᠡ ᠭᠠᠷ ᠰᠤᠩᠭ᠋ᠠᠵᠤ ᠄ 《 ᠬᠠᠮᠳᠤ ᠰᠤᠷᠤᠯᠭᠠᠳᠠᠨ ᠮᠢᠨᠢ ︕ ᠰᠠᠢ᠌ᠨ ᠪᠠᠢ᠌ᠨᠠᠤ ︖ 》 ᠭᠡᠤᠨ ᠯᠠ ᠱᠤᠩᠭ᠋ᠤᠯᠠᠵᠤ ᠢᠷᠠᠯ᠎ᠠ ᠃
ᠵᠠᠩ ᠵᠠᠩ ᠶᠢᠡᠨ ᠮᠡᠳᠡᠯᠴᠡᠳᠡᠭ᠌ ᠠᠷᠢᠭᠢᠴᠢᠤᠨ ᠄ 《ᠰᠠᠢ᠌ᠨ ᠪᠠᠢ᠌ᠨ᠎ᠠ︕》 ᠯᠠ ᠭᠡᠤᠨ ᠭᠠᠷ ᠰᠤᠩᠭ᠋ᠠᠨ ᠶᠠᠭᠠᠷᠠᠨ ᠣᠴᠢᠬᠤ ᠳᠤ ᠭᠢᠯᠠᠪ ᠳᠠᠷᠤᠭᠠᠤᠨ ᠭᠦᠡᠳᠡᠯᠢᠰᠴᠤ ᠭᠠᠷᠤᠯ᠎ᠠ ᠃ ᠡᠨᠡ ᠴᠤ ᠣᠳᠤ ᠭᠡᠷᠡᠮ ᠮᠥᠷᠭᠦᠵᠤ ᠣᠨᠠᠯ᠎ᠠ ᠪᠠ ᠭᠡᠵᠤ ᠪᠣᠳᠤᠬᠤ ᠲᠠᠭᠠᠨ ᠰᠠᠷᠪᠠᠢ᠌ᠭᠰᠠᠨ ᠭᠠᠷ ᠶᠢᠡᠷ ᠶᠢᠡᠨ ᠰᠠᠠᠳᠤᠷᠤᠨ ᠠᠷᠤ ᠶᠢᠨ ᠬᠤᠷᠮᠤᠢ ᠡᠴᠡ ᠨᠢ ᠰᠢᠭᠦᠷᠡᠨ ᠳᠠᠳᠠᠬᠤ ᠳᠤ ᠳᠠᠷᠠ ᠮᠢᠨᠢ ᠳᠠᠳᠠᠭᠰᠠᠨ ᠭᠦᠴᠤᠨ ᠳᠤ ᠰᠠᠯᠳᠤᠷᠭᠢᠯᠠᠨ ᠰᠠᠵᠢᠯᠠᠨ ᠵᠤᠭᠰᠤᠭᠰᠠᠨ ᠶᠢᠡᠨ ᠣᠷᠪᠠᠵᠤ ᠬᠠᠠᠳᠤᠨ ᠪᠣᠬᠠᠨ ᠨᠢᠳᠦᠯᠡᠭᠡᠤᠨ ᠶᠠᠭᠤ ᠶᠠᠷᠢᠨ᠎ᠠ ᠭᠡᠵᠤ ᠰᠠᠨᠠᠨ᠎ᠠ ᠄ 《 ᠴᠢ ᠭᠡᠨ ᠶᠤᠮ ᠃ ᠳᠤᠷ᠎ᠠ ᠪᠠᠷ ᠶᠢᠡᠨ ᠨᠠᠳᠠ ᠲᠡᠶ ᠵᠢᠭᠤᠷᠠᠯᠳᠠᠭᠠᠤᠨ 》 ᠭᠡᠵᠤ ᠭᠡᠯᠡᠭᠡᠤᠨ ᠮᠠᠯᠠᠷᠠᠵᠤ ᠮᠠᠯᠠᠷᠠᠵᠤ ᠬᠠᠷᠠᠭᠰᠠᠨ ᠶᠢᠡᠨ ᠰᠡᠭᠡᠰᠭᠢᠭ᠍ᠰᠡᠨ ᠪᠣᠯᠤᠯᠳᠠᠢ ᠭᠦᠵᠦᠭᠦᠤ ᠪᠠᠷ ᠳᠠᠪᠠᠷᠢᠨ ᠬᠠᠴᠠᠷ ᠨᠢᠭᠤᠷ ᠢ ᠫᠣᠭᠰᠢᠭᠰᠠᠨ ᠳᠡᠭᠡᠷ᠎ᠡ ᠫᠣᠭᠰᠢᠨ ᠨᠢᠰᠤ ᠨᠢᠯᠪᠣᠰᠤ ᠪᠠᠨ ᠴᠢᠷᠤᠨ ᠄ 《ᠪᠢ ᠳᠠᠨ ᠶᠢᠡᠨ ᠰᠠᠨᠠᠵᠤ ᠪᠠᠢ᠌ᠨ᠎ᠠ》 ᠭᠡᠤᠨ ᠣᠭᠢᠯᠠᠭᠠᠤᠨ ᠡᠭᠢᠯᠡᠴᠢᠭᠡᠯᠡ᠃
ᠪᠢ ᠰᠠᠠᠳᠤᠷᠬᠤ ᠳᠠᠭᠠᠨ᠄ 《 ᠭᠦᠢ ︕ ᠬᠦᠢ ︕ ᠴᠢᠨᠤ ᠡᠨᠡ ᠴᠢᠨᠢ ᠶᠠᠭᠠᠭᠢᠵᠤ ᠪᠠᠢ᠌ᠭ᠎ᠠ ᠨᠢ ᠡᠨᠡ ᠶᠤᠮ ᠃ ᠪᠠᠢ᠌ᠭᠤᠯᠤᠯᠭ᠎ᠠ ᠶᠢᠨ ᠭᠦᠮᠦᠰ ᠦᠵᠡᠪᠠᠯ ᠭᠡᠳᠦᠢ ᠡᠪ ᠦᠭᠡᠶ ᠶᠤᠮ ᠃ 》 ᠭᠡᠰᠡᠨ ᠳᠤ ᠮᠠᠨ ᠤ ᠭᠦᠮᠤᠨ ᠶᠠᠭᠤ ᠶᠠᠷᠢᠨ᠎ᠠ ᠄ 《 ᠴᠢ ᠴᠢᠨᠢ ᠨᠠᠳᠠ ᠪᠠᠨ ᠢᠩᠭᠢᠵᠤ ᠯᠠ ᠰᠠᠨᠠᠳᠠᠭ ᠪᠢᠰᠢᠤ ︖ 》 ᠭᠡᠤᠨ ᠣᠯᠠᠮ ᠳᠡᠭᠡᠷ᠎ᠡ ᠳᠠᠭᠤ ᠪᠠᠷ ᠣᠶᠠᠷᠠᠭᠤᠯᠤᠨᠠ ᠃ ᠣᠶᠠᠷᠠᠭᠰᠠᠨ ᠨᠢᠯᠪᠣᠰᠤ ᠨᠢ ᠭᠤᠶ᠎ᠠ ᠬᠠᠰᠠ ᠣᠷᠤᠭᠤ ᠪᠠᠭᠤᠴᠢᠬᠠᠪᠠᠤ ᠭᠡᠤᠨ ᠳᠤᠷᠤᠭᠰᠢ ᠬᠠᠷᠠᠬᠤ ᠳᠤ ᠮᠠᠨ ᠤ ᠭᠦᠮᠤᠨ ᠴᠢᠨᠢ ᠬᠠᠯᠠᠭᠤᠨ ᠣᠰᠤᠨ ᠴᠤᠷᠭᠤ ᠪᠠᠷ ᠶᠢᠡᠨ ᠮᠢᠨᠤᠭᠢ ᠶᠢᠨ ᠶᠢᠡᠨ ᠳᠡᠭᠡᠷ᠎ᠡ ᠳᠠᠯᠪᠢᠵᠤ ᠪᠠᠢ᠌ᠨ᠎ᠠ ᠃ ᠣᠳᠤ ᠶᠠᠭᠠᠭᠢᠳᠠᠭ ᠪᠢᠯᠠ ︖ ᠠᠰᠠᠷ ᠲᠤ ᠠᠵᠢᠯᠯᠠᠵᠤ ᠪᠠᠢ᠌ᠭ᠎ᠠ ᠠᠷᠪᠠᠭᠠᠤᠨ ᠪᠠᠢ᠌ᠭᠤᠯᠤᠯᠭ᠎ᠠ ᠶᠢᠨ ᠭᠦᠮᠦᠰ ᠶᠠᠭᠤ ᠨᠢᠭᠡ ᠡᠴᠡ ᠰᠤᠴᠢᠭᠰᠠᠨ ᠰᠢᠭ ᠂ ᠠᠶᠤᠭᠰᠠᠨ ᠰᠢᠭ ᠂ ᠵᠢᠭ᠍ᠰᠢᠭ᠍ᠰᠡᠨ ᠰᠢᠭ᠌ ᠶᠠᠭᠠᠷᠠᠤ ᠶᠠᠭᠠᠷᠠᠤ ᠡᠭᠦᠳᠡ ᠰᠢᠷᠭᠤᠨ᠎ᠠ ᠃ ᠰᠤᠭᠳᠤᠭᠤ ᠭᠦᠮᠤᠨ ᠡᠢ᠌ᠮᠤ ᠯᠠ ᠪᠠᠢ᠌ᠬᠤ ᠶᠤᠮ ᠰᠢᠳᠠ ᠭᠡᠵᠤ ᠪᠣᠳᠤᠬᠤ ᠡᠴᠡ᠄ 《 ᠰᠤᠭᠳᠤᠭᠤ ᠭᠦᠮᠤᠨ ᠢ ᠭᠦᠮᠤᠨ ᠶᠢᠡᠷ ᠪᠣᠤ ᠦᠵᠡ︕》 ᠭᠡᠳᠡᠭ᠌ ᠥᠭᠡ ᠰᠠᠨᠠᠭᠠᠨ ᠳᠤ ᠣᠷᠤᠵᠤ ᠵᠢᠷᠦᠭᠡ ᠭᠤᠤᠯ ᠰᠠᠪᠠᠭᠠᠨᠠᠵᠤ ᠂ ᠬᠠᠴᠠᠷ ᠨᠢᠭᠤᠷ ᠭᠦᠵᠦᠭᠦᠨ ᠳᠡᠭᠡᠨ ᠳᠤᠯᠳᠠᠯ᠎ᠠ ᠣᠯᠠᠢ᠌ᠵᠤ ᠂ ᠶᠠᠭᠤ ᠶᠢ ᠴᠤ ᠬᠠᠮᠢᠶᠠᠷᠤᠯ ᠦᠭᠡᠶ ᠨᠠᠢ᠌ᠵᠠ ᠪᠠᠨ ᠡᠭᠦᠷᠴᠤ ᠭᠦᠯᠦᠰᠤᠨ ᠳᠡᠷᠭᠡ ᠡᠷᠢᠵᠤ ᠭᠦᠶᠦᠪᠡ ᠃ ᠢᠩᠭᠢᠵᠤ ᠪᠠᠢ᠌ᠳᠠᠯ᠎ᠠ ᠮᠠᠨ ᠤ ᠭᠦᠮᠤᠨ ᠴᠢᠨᠢ ᠶᠠᠭᠠᠭᠢᠨ᠎ᠠ ᠃ ᠭᠦᠵᠦᠭᠦᠤ ᠣᠷᠤᠭᠤ 《 ᠣᠢ᠌ᠳ 》 ᠭᠡᠤᠨ ᠨᠢᠭᠡ ᠯᠠ ᠳᠠᠯᠪᠢᠴᠢᠬᠠᠯ᠎ᠠ ᠃ ᠡᠩᠭᠡᠷ ᠬᠤᠷᠮᠤᠢ ᠥᠯᠡᠳᠡᠭ᠍ᠰᠡᠨ ᠳᠠᠮᠳᠤᠭ ᠦᠭᠡᠶ᠃ ᠨᠤᠬᠠᠢ ᠢᠳᠡᠭᠦ ᠦᠭᠡᠶ ᠥᠮᠦᠭᠡᠢ ᠨᠤᠭᠤᠭ᠎ᠠ ᠴᠠᠭ᠎ᠠ ᠂ ᠠᠷᠢᠭᠢᠨ ᠦᠨᠦᠷ ᠡ ᠂ ᠵᠡᠭᠡᠯᠢ ᠶᠢᠨ ᠭᠦᠮᠦᠰ ᠡᠨᠡ ᠠᠷᠢᠭᠢᠨ ᠭᠠᠯᠵᠠᠭᠤ ᠰᠤᠯᠢᠶᠠᠷᠠᠭᠠᠤᠨ ᠬᠠᠮᠢᠭ᠎ᠠ ᠡᠴᠡ ᠨᠢᠭᠡ ᠭᠣᠢ᠌ᠷᠠᠠᠴᠢ ᠣᠯᠤᠭᠠᠤᠨ ᠡᠭᠦᠷᠴᠤ ᠭᠦᠶᠦᠵᠤ ᠪᠠᠢ᠌ᠬᠤ ᠶᠤᠮ ᠭᠡᠵᠤ ᠯᠠ ᠪᠠᠢ᠌ᠬ᠎ᠠ ᠃ ᠭᠡᠳᠤᠨ ᠭᠦᠯᠦᠰᠤᠨ ᠳᠡᠷᠭᠡ ᠶᠢ ᠳᠤᠰᠤᠭᠠᠤᠨ ᠵᠤᠭᠰᠤᠵᠤ ᠦᠭᠭᠦᠭ᠍ᠰᠡᠨ ᠦᠭᠡᠶ᠂ ᠵᠤᠭᠤᠰ ᠤᠨ ᠨᠥᠭᠡ ᠪᠠᠷ ᠰᠢᠷᠭᠤᠳᠠᠭ ᠳᠡᠳᠡᠭᠡᠷ ᠭᠦᠮᠦᠰ ᠴᠤ ᠨᠠᠳᠠ ᠡᠴᠡ ᠠᠶᠤᠭᠠᠤᠨ ᠵᠠᠢ᠌ᠯᠠᠵᠤ ᠪᠠᠢ᠌ᠬᠤ ᠶᠤᠮ ᠴᠢᠨᠢ ᠥᠭᠡᠷ᠎ᠡ ᠶᠠᠭᠤ ᠶᠢ ᠨᠢ ᠭᠡᠯᠡᠭᠦ ᠶᠤᠮ ᠳ᠋ᠠ ᠃ ᠪᠢ ᠨᠠᠢ᠌ᠵᠠ ᠪᠠᠨ ᠡᠭᠦᠷᠴᠤ ᠴᠢᠷᠦᠭ᠍ᠰᠡᠭᠡᠷ ᠭᠡᠷ ᠳᠤᠨᠢ ᠭᠦᠷᠭᠡᠵᠤ ᠣᠴᠢᠯ᠎ᠠ ᠃ ᠭᠡᠷᠭᠡᠢ ᠨᠢ ᠨᠢᠯᠪᠣᠰᠤᠨ ᠳᠠᠭᠠᠨ ᠳᠠᠪᠳᠤᠵᠤ ᠄ 《 ᠰᠠᠯᠤᠨ᠎ᠠ ᠂ ᠪᠣᠯᠤᠨ᠎ᠠ 》 ᠭᠡᠵᠤ ᠳᠤᠤᠭᠠᠷᠴᠤ ᠪᠠᠢ᠌ᠨ᠎ᠠ ᠃ ᠮᠠᠨ ᠤ ᠭᠦᠮᠤᠨ 《 ᠰᠠᠯ 》 ᠭᠡᠵᠤ ᠨᠢᠭᠡᠯᠡ ᠳᠤᠤᠭᠠᠷᠴᠤ ᠂ ᠨᠢᠳᠤᠷᠭ᠎ᠠ ᠡᠷᠭᠢᠭᠦᠯᠦᠨ᠎ᠡ ᠃ ᠪᠢ ᠨᠢᠭᠡ ᠳᠠᠯ᠎ᠠ ᠪᠠᠷ ᠨᠠᠢ᠌ᠵᠠ ᠪᠠᠨ ᠬᠤᠷᠢᠭᠯᠠᠵᠤ ᠣᠠᠳᠠᠭᠤᠯᠬᠤ ᠶᠢᠨ ᠬᠠᠮᠳᠤ ᠂ ᠨᠥᠭᠦᠭᠡ ᠳᠠᠯ᠎ᠠ ᠪᠠᠷ ᠭᠡᠷᠭᠡᠢ ᠶᠢ ᠨᠢ ᠳᠠᠢ᠌ᠤᠠᠬᠤᠷᠠᠭᠤᠯᠤᠨ᠎ᠠ ᠃ ᠡᠭᠡᠨᠡᠷ ᠨᠢ ᠨᠠᠳᠠ ᠶᠢ ᠦᠵᠡᠵᠤ ᠥᠵᠡᠭᠡᠤᠨ ᠄ 《 ᠴᠢ ᠴᠢᠨᠢ ᠡᠨᠡ ᠡᠳᠦᠷ ᠠᠷᠢᠭᠢ ᠣᠤᠭᠤᠭᠰᠠᠨ ᠦᠭᠡᠶ ᠶᠤᠮ ᠦᠦ ︖ ᠳᠡᠭᠡᠭᠡᠤᠨ ᠡᠨᠡ ᠴᠢᠨᠢ 》 ᠭᠡᠨ᠎ᠡ ᠃ ᠪᠢ ᠢᠨᠢᠶᠠᠵᠤ ᠣᠭᠢᠯᠠᠬᠤ ᠶᠢᠨ ᠬᠤᠭᠤᠷᠤᠠᠳᠤ ᠪᠣᠯᠪᠠ ᠃
ᠡᠭᠡᠨᠡᠷ ᠨᠢ ᠶᠠᠭᠤ ᠶᠠᠷᠢᠨ᠎ᠠ ᠭᠡᠵᠤ ᠰᠠᠨᠠᠨ᠎ᠠ ᠃ 《 ᠳᠠᠨ ᠤ ᠡᠨᠡ ᠠᠷᠢᠭᠢᠨ ᠴᠢᠦᠡᠭᠦᠷ ᠤᠳ ᠪᠢᠳᠠᠨ ᠢ ᠠᠮᠤᠷ ᠵᠢᠮᠤᠷ ᠠᠮᠢᠳᠤᠷᠠᠭᠤᠯᠬᠤ ᠦᠭᠡᠶ᠃ ᠦᠪᠡᠷᠤᠨ ᠨᠢᠭᠤᠷ ᠶᠢᠡᠨ ᠭᠡᠭᠡᠭᠦ ᠶᠢ ᠪᠠᠢ᠌ᠴᠢᠬ᠎ᠠ ᠃ ᠡᠭᠡ ᠭᠦᠤ ᠬᠤᠶᠠᠷ ᠤᠨ ᠨᠢᠭᠤᠷ ᠢ ᠴᠤ ᠪᠠᠷᠠᠵᠤ ᠭᠦᠢᠴᠡᠯ᠎ᠡ ᠃ ᠭᠦᠤ ᠮᠢᠨᠢ ᠴᠤ ᠠᠪᠣ ᠶᠢᠨ ᠶᠢᠡᠨ ᠡᠮᠦᠨ᠎ᠡ ᠡᠴᠡ ᠰᠤᠷᠭᠠᠭᠤᠯᠢ ᠳᠠᠭᠠᠨ ᠣᠴᠢᠬᠤ ᠨᠢᠭᠤᠷ ᠦᠭᠡᠶ ᠪᠣᠯᠤᠯ᠎ᠠ ᠃ ᠬᠠᠮᠳᠤ ᠰᠤᠷᠤᠯᠭᠠᠳᠠᠨ ᠨᠢ ᠭᠦᠤ ᠶᠢ ᠮᠢᠨᠢ ᠠᠪᠣ ᠴᠢᠨᠢ ᠳᠠᠷᠠ ᠡᠳᠦᠷ ᠠᠷᠢᠭᠢᠨ ᠳᠤ ᠰᠤᠭᠳᠤᠭᠠᠤᠨ ᠦᠮᠦᠳᠦᠨ ᠳᠡᠭᠡᠨ ᠰᠢᠭᠡᠵᠤ ᠵᠡᠭᠡᠯᠢ ᠳᠤᠮᠳᠠ ᠣᠠᠳᠠᠵᠤ ᠪᠠᠢ᠌ᠭᠰᠠᠨ ᠃ ᠠᠯᠢ ᠡᠳᠦᠷ ᠨᠢ ᠶᠠᠭᠠᠭᠢᠵᠤ ᠪᠠᠢ᠌ᠭᠰᠠᠨ ᠭᠡᠤᠨ ᠶᠠᠷᠢᠬᠤ ᠶᠤᠮ ᠭᠡᠨ᠎ᠡ ᠃ ᠭᠦᠤ ᠮᠢᠨᠢ ᠵᠤᠪᠠᠬᠤ ᠳᠠᠭᠠᠨ ᠰᠤᠷᠭᠠᠭᠤᠯᠢ ᠳᠠᠭᠠᠨ ᠣᠴᠢᠬᠤ ᠳᠤᠷ᠎ᠠ ᠦᠭᠡᠶ ᠪᠣᠯᠴᠢᠬᠠᠯ᠎ᠠ ᠃ ᠡᠨᠡ ᠭᠡᠷ ᠡᠨᠡ ᠠᠷᠢᠭᠢᠨ ᠴᠢᠦᠡᠭᠦᠷ ᠤᠨ ᠭᠠᠷ ᠲᠤ ᠳᠠᠭᠤᠰᠬᠤ ᠶᠤᠮ ᠪᠠᠢ᠌ᠨ᠎ᠠ》 ᠭᠡᠵᠤ ᠳᠤᠬᠤ ᠪᠠᠨ ᠰᠢᠭᠠᠵᠤ ᠡ ᠳᠠᠭᠤ ᠳᠠᠯᠪᠢᠨ᠎ᠠ ᠃
ᠪᠢ ᠂ ᠳᠠᠷᠠ ᠡᠳᠦᠷ ᠭᠦᠯᠦᠰᠤ ᠭᠠᠷᠳᠠᠯ᠎ᠠ ᠡᠭᠦᠷᠦᠭᠡᠤᠨ ᠰᠢᠭᠡᠰᠤ ᠠᠯᠳᠠᠳᠠᠯ᠎ᠠ ᠭᠡᠯᠡᠭ᠍ᠳᠡᠭᠡᠤᠨ ᠭᠦᠮᠦᠰ ᠡᠴᠡ ᠳᠠᠯᠳᠠᠭᠤᠷ ᠮᠤᠷᠤᠢ ᠰᠠᠷᠤᠢ ᠪᠠᠭ᠎ᠠ ᠭᠤᠳᠤᠮᠵᠢ ᠪᠠᠷ ᠬᠤᠯᠤᠭᠠᠨ᠎ᠠ ᠮᠠᠳᠤ ᠮᠢᠷᠠᠵᠤ ᠶᠠᠪᠣᠭᠰᠠᠭᠠᠷ ᠠᠷᠠᠢ ᠴᠢᠷᠠᠢ ᠭᠡᠷ ᠲᠡᠭᠡᠨ ᠭᠦᠷᠪᠡ ᠃ ᠳᠠᠷᠠ ᠣᠳᠠᠭ᠎ᠠ ᠪᠢ ᠥᠭᠦᠳᠡᠯ᠎ᠡ ᠪᠠᠨ ᠢᠴᠢᠵᠤ ᠂ ᠮᠠᠨᠠᠷᠠᠳᠠᠯ᠎ᠠ ᠪᠠᠨ ᠵᠤᠪᠠᠵᠠᠢ ᠃ ᠪᠦᠭᠦ ᠪᠠᠶ᠎ᠠ ᠡᠴᠡ ᠭᠦᠢᠳᠡᠨ ᠭᠦᠯᠦᠰᠤ ᠭᠠᠷᠴᠤ ᠂ ᠨᠠᠢ᠌ᠵᠠ ᠶᠢᠨ ᠭᠡᠷᠭᠡᠢ ᠶᠢᠨ᠄ 《 ᠳᠠᠨ ᠤ ᠠᠷᠢᠭᠢᠨ ᠴᠢᠦᠡᠭᠦᠷ ᠤᠳ》 ᠭᠡᠰᠡᠨ ᠵᠠᠨᠤᠯᠳᠠᠢ ᠭᠤᠨᠢᠭᠳᠠᠢ ᠂ ᠬᠤᠷᠤᠰᠴᠤ ᠭᠤᠮᠤᠳᠠᠵᠤ ᠂ ᠣᠢ᠌ᠤᠠᠬᠠᠷ ᠵᠤᠪᠠᠯᠠᠩ ᠲᠡᠶ ᠬᠠᠰᠭᠢᠷᠴᠤ ᠪᠠᠢ᠌ᠭᠰᠠᠨ ᠨᠢ ᠴᠢᠭᠢᠨ ᠳᠤ ᠵᠢᠷᠦᠭᠡᠨ ᠳᠤ ᠴᠢᠨᠠᠭᠰᠢᠯᠠᠭᠠᠤᠨ ᠪᠦᠭᠦ ᠪᠠᠶ᠎ᠠ ᠶᠢᠨ ᠡᠰ ᠪᠦᠭᠦᠨ ᠳᠤ ᠰᠢᠩᠭᠡᠪᠡ ᠃ ᠪᠢ ᠦᠰᠦ ᠪᠠᠨ ᠪᠠᠵᠠᠯᠭᠢᠯᠠᠨ ᠂ ᠣᠷᠳᠤᠬᠠᠨ ᠰᠠᠨᠠᠭ᠎ᠠ ᠠᠯᠳᠠᠨ ᠪᠣᠳᠤᠯᠭᠠᠰᠢᠷᠠᠯ ᠤᠨ ᠭᠦᠨ ᠭᠦᠪ ᠲᠤ ᠣᠨᠠᠪᠠ ᠃
ᠰᠠᠶᠢᠬᠠᠨ ᠤ ᠣᠴᠠᠷᠠᠯ ᠲᠤᠬᠢᠶᠠᠯ ᠨᠠᠳᠠ ᠳᠤ ᠪᠠᠰᠠ ᠨᠠᠰᠤᠨ ᠳᠤᠭ᠎ᠠ ᠡᠴᠡ ᠣᠯᠠᠨ ᠳᠠᠭᠠᠷᠠᠭᠰᠠᠨ ᠶᠤᠮ ᠡ ︕ ᠭᠡᠵᠤ ᠪᠣᠳᠤᠬᠤ ᠡᠴᠡ ᠶᠠᠰᠤᠨ ᠡᠴᠡ ᠭᠦᠯᠦᠰᠤ ᠴᠢᠬᠠᠷᠠᠵᠤ ᠂ ᠴᠢᠮᠦᠭᠡᠨ ᠳᠤᠰᠤ ᠪᠣᠴᠠᠯᠵᠤ ᠪᠠᠢ᠌ᠭ᠎ᠠ ᠰᠢᠭ ᠰᠠᠨᠠᠭᠳᠠᠬᠤ ᠶᠤᠮ ᠃ ᠠᠷᠢᠭᠢᠨ ᠤ ᠳᠤᠬᠠᠢ ᠨᠠᠷᠠ ᠨᠢᠭᠤᠷ ᠶᠢᠡᠨ ᠪᠠᠷᠠᠭᠰᠠᠨ ᠭᠤᠳᠤᠮᠰᠢᠭᠳᠤ ᠶᠠᠪᠣᠳᠠᠯ ᠶᠢᠡᠨ ᠠᠯᠢ ᠶᠢ ᠨᠢ ᠡᠷᠭᠢᠴᠡᠭᠦᠯᠦᠭᠡᠤᠨ ᠪᠠᠷᠠᠬᠤ ᠪᠣᠢ ︖
ᠨᠢᠬᠡ ᠣᠳᠠᠭ᠎ᠠ ᠠᠷᠢᠭᠢᠨ ᠨᠡᠢ᠌ᠭᠡᠮᠯᠢᠭ᠌ ᠤᠨ ᠨᠠᠢ᠌ᠵᠠ ᠨᠡᠷ ᠲᠡᠶ ᠪᠠᠨ ᠮᠠᠯ ᠪᠣᠯᠳᠠᠯ᠎ᠠ ᠣᠤᠭᠤᠵᠤ ᠂ ᠨᠤᠬᠠᠢ ᠪᠣᠯᠳᠠᠯ᠎ᠠ ᠭᠡᠷᠡᠯᠳᠦᠭᠡᠤᠨ ᠪᠦᠷᠦᠭ᠌ ᠪᠠᠷᠤᠭ ᠊ᠤᠨ ᠦᠶ᠎ᠡ ᠪᠠᠷ ᠭᠡᠷ ᠵᠥᠭ᠌ ᠶᠢᠡᠨ ᠭᠡᠯᠳᠦᠷᠭᠢᠯᠡᠭ᠍ᠰᠡᠨ ᠶᠤᠮ ᠃ ᠶᠠᠪᠣᠵᠤ ᠪᠠᠢ᠌ᠳᠠᠯ᠎ᠠ ᠳᠤᠳᠤᠷ᠎ᠠ ᠪᠡᠯᠡᠷᠡᠵᠤ ᠂ ᠳᠤᠯᠤᠭᠠᠢ ᠡᠷᠭᠢᠭᠡᠤᠨ ᠵᠥᠭ᠌ ᠴᠢᠭ᠌ ᠶᠢᠡᠨ ᠠᠯᠳᠠᠵᠤ ᠡᠷᠭᠢᠨ ᠳᠤᠭᠤᠷᠢᠨ ᠭᠤᠳᠤᠮᠵᠢ ᠪᠠᠷ ᠶᠠᠪᠣᠭᠰᠠᠭᠠᠷ ᠰᠦᠨᠢ ᠶᠢᠨ ᠭᠦᠨ ᠳᠤ ᠭᠡᠳᠤᠨ ᠭᠡᠷ ᠤᠨ ᠡᠭᠦᠳᠡ ᠶᠢ ᠳᠤᠭᠰᠢᠵᠤ ᠂ ᠮᠢᠨᠤ ᠭᠡᠷ ᠬᠠᠮᠢᠭᠠᠭᠤᠷ ᠪᠠᠢ᠌ᠨ᠎ᠠ ᠭᠡᠵᠤ ᠠᠰᠠᠭᠤᠪᠠᠯ ᠭᠡᠷ ᠶᠢᠡᠨ ᠮᠡᠳᠡᠭᠦ ᠦᠭᠡᠶ ᠨᠤᠬᠠᠷᠮᠠᠯ ᠂ ᠪᠢ ᠴᠢᠨᠤ ᠡᠪᠦᠭᠡ ᠴᠢᠨᠢ ᠦᠦ ᠭᠡᠭᠦ ᠦᠭᠡᠶ ᠪᠣᠯ ᠡᠮᠡᠭᠡ ᠴᠢᠨᠢ ᠦᠦ ᠭᠡᠤᠨ ᠠᠷᠢᠭᠢᠨ ᠴᠢᠦᠡᠭᠦᠷ ᠭᠡᠤᠨ ᠡᠭᠦᠳᠡ ᠪᠠᠨ ᠮᠠᠩᠨᠠᠢ ᠶᠢ ᠮᠥᠷᠭᠦᠳᠡᠯᠡ ᠭᠦᠴᠦᠳᠡᠢ ᠬᠠᠭᠠᠵᠤ ᠬᠠᠷᠢᠶᠠᠯ ᠵᠥᠭᠡᠯ ᠲᠡᠶ ᠭᠡᠷ ᠲᠡᠭᠡᠨ ᠣᠷᠤᠳᠠᠭ ᠪᠠᠢ᠌ᠨ᠎ᠠ ᠃ ᠪᠢ ᠬᠤᠪᠢ ᠪᠠᠷ ᠶᠢᠡᠨ ᠭᠡᠷ ᠶᠢᠡᠨ ᠮᠡᠳᠡᠭᠦ ᠦᠭᠡᠶ ᠪᠠᠢ᠌ᠬᠤ ᠶᠤᠮ ᠴᠢᠨᠢ ᠥᠷᠦᠭᠡᠯ ᠪᠣᠰᠤᠳ ᠢ ᠶᠠᠭᠤ ᠶᠢ ᠨᠢ ᠭᠡᠯᠡᠭᠦᠪ ᠃ ᠳᠠᠳᠠ ᠴᠤ ᠮᠢᠨᠤ ᠡᠪᠦᠭᠡ ᠂ ᠡᠮᠡᠭᠡ ᠪᠢᠰᠢ ᠶᠤᠮ ᠴᠢᠨᠢ ᠳᠡᠭᠡᠵᠤ ᠬᠠᠷᠢᠶᠠᠬᠤ ᠨᠢ ᠳᠠᠭᠠᠷᠠᠨ᠎ᠠ ᠭᠡᠤᠨ ᠦᠪᠡᠷᠤᠨ ᠪᠣᠳᠤᠯ ᠳᠠᠭᠠᠨ 《 ᠫᠦᠰ 》 ᠭᠡᠳᠡᠯ᠎ᠡ ᠢᠨᠢᠶᠠᠪᠠ ᠃ 《 ᠮᠢᠨᠤ 》 ᠭᠡᠰᠡᠨ ᠶᠢᠡᠨ 《 ᠪᠠᠳᠤ 》 ᠶᠢᠨ ᠭᠡᠷ ᠬᠠᠮᠢᠭᠠᠭᠤᠷ ᠪᠠᠢ᠌ᠨ᠎ᠠ ᠭᠡᠵᠤ ᠠᠰᠠᠭᠤᠭᠰᠠᠨ ᠪᠣᠯ ᠳᠠᠳᠠᠨ ᠳᠤ ᠬᠠᠷᠢᠶᠠᠭᠳᠠᠬᠤ ᠦᠭᠡᠶ ᠮᠥᠷᠳᠡᠭᠡᠨ ᠭᠡᠷ ᠶᠢᠡᠨ ᠴᠤ ᠣᠯᠬᠤ ᠶᠠᠭᠤ ᠮᠠᠭᠠᠤᠨ ᠭᠡᠰᠡᠨ ᠣᠬᠠᠭᠳᠠᠬᠤᠨ ᠰᠤᠭᠳᠤᠭᠤ ᠶᠢᠨ ᠳᠠᠷᠢᠭᠢᠨ ᠳᠤ ᠭᠢᠯᠠᠰ ᠭᠡᠪᠡ ᠃ ᠳᠠᠷᠠ ᠢᠩᠭᠢᠵᠤ ᠪᠣᠳᠤᠨ ᠶᠠᠪᠣᠵᠤ ᠪᠠᠢ᠌ᠳᠠᠯ᠎ᠠ ᠨᠢᠬᠡ ᠳᠠᠨᠢᠮᠠᠷ ᠡᠭᠦᠳᠡ ᠳᠠᠭᠠᠷᠠᠨ ᠪᠠᠯᠪᠠᠬᠤ ᠳᠤ ᠨᠢᠭᠡ ᠭᠦᠮᠤᠨ ᠭᠠᠷᠴᠤ ᠢᠷᠠᠯ᠎ᠠ ᠃ ᠰᠤᠭᠳᠤᠭᠤ ᠭᠤᠸᠠᠢ ᠂ 《 ᠡᠨᠡ ᠭᠡᠷ ᠪᠠᠳᠤ ᠶᠢᠨ ᠭᠢ ᠦᠦ ︖ 》 ᠭᠡᠰᠡᠨ ᠳᠤ ᠳᠠᠷᠠ ᠭᠦᠮᠤᠨ ᠡᠭᠦᠳᠡ ᠪᠠᠨ ᠨᠡᠭᠡᠭᠡᠤᠨ ᠣᠷᠤᠵᠤ ᠣᠴᠢᠯ᠎ᠠ ᠃ ᠪᠢ ᠬᠣᠢ᠌ᠨ᠎ᠠ ᠡᠴᠡ ᠨᠢ ᠳᠠᠭᠠᠵᠤ ᠣᠷᠤᠬᠤ ᠳᠤ ᠭᠡᠷᠭᠡᠢ ᠮᠢᠨᠢ ᠪᠠᠢ᠌ᠵᠠᠢ ᠃ ᠣᠰᠤᠨ ᠨᠢᠳᠤᠯᠠᠨ ᠵᠤᠪᠠᠯᠠᠩ ᠲᠡᠶ ᠰᠠᠭᠤᠵᠤ ᠪᠠᠢ᠌ᠨ᠎ᠠ ᠃ ᠪᠢᠴᠢᠬᠠᠨ ᠭᠦᠤ ᠮᠢᠨᠢ ᠪᠠᠷᠰ ᠡᠴᠡ ᠠᠶᠤᠭᠰᠠᠨ ᠮᠤᠤᠷ ᠰᠢᠭ ᠬᠠᠠᠵᠤᠨ ᠪᠣᠯᠤᠩ ᠳᠠᠭᠠᠨ ᠭᠢᠯᠠᠩ ᠭᠠᠯᠠᠩ ᠠᠳᠤᠷᠢᠵᠤ ᠪᠠᠢ᠌ᠨ᠎ᠠ ᠃
ᠪᠠᠰᠠ ᠨᠢᠭᠡ ᠣᠳᠠᠭ᠎ᠠ ᠨᠡᠢ᠌ᠭᠡᠮᠯᠢᠭ᠌ ᠤᠨ ᠭᠡᠳᠤᠨ ᠨᠠᠢ᠌ᠵᠠ ᠲᠡᠶ ᠪᠠᠨ ᠪᠦᠭ᠍ᠴᠢᠮ᠎ᠡ ᠬᠠᠯᠠᠭᠤᠨ ᠵᠤᠨ ᠤ ᠦᠳᠡᠰᠢ ᠬᠠᠷ᠎ᠠ ᠲᠡᠶ᠂ ᠰᠢᠷ᠎ᠠ ᠲᠡᠶ ᠳᠠᠯᠪᠠᠷᠠᠳᠠᠯ᠎ᠠ ᠠᠪᠣᠭᠠᠤᠨ ᠭᠡᠷ ᠲᠡᠭᠡᠨ ᠶᠠᠪᠣᠪᠠ ᠃ ᠳᠠᠷᠠ ᠣᠳᠠᠭᠠᠨ ᠤ ᠬᠠᠯᠠᠭᠤᠨ ᠭᠡᠵᠤ ᠂ ᠰᠦᠨᠢ ᠶᠢᠨ ᠭᠦᠨ ᠪᠠᠢ᠌ᠳᠠᠯ᠎ᠠ ᠨᠤᠬᠠᠢ ᠭᠡᠯᠡ ᠪᠠᠨ ᠭᠠᠷᠭᠠᠮᠠᠷ ᠃ ᠪᠢ ᠠᠷᠭ᠎ᠠ ᠠᠯᠳᠠᠷᠠᠬᠤ ᠳᠠᠭᠠᠨ ᠱᠠᠮᠪᠠᠩ ᠭᠡᠷ ᠤᠨ ᠣᠷᠤᠢ ᠳᠡᠭᠡᠷ᠎ᠡ ᠪᠠᠨ ᠭᠠᠷᠴᠤ ᠣᠠᠳᠠᠪᠠ ᠃ ᠭᠡᠳᠦᠢ ᠴᠠᠭ ᠪᠣᠯᠤᠭᠰᠠᠨ ᠢ ᠪᠣᠤ ᠮᠠᠳᠠ ᠂ ᠨᠢᠭᠡ ᠰᠡᠷᠢᠭᠦ ᠳᠤ ᠳᠠᠪᠣᠰᠠᠩ ᠳᠠᠯᠪᠠᠷᠠᠮᠠᠷ ᠪᠣᠯᠤᠯ᠎ᠠ ᠃ ᠪᠢ ᠶᠠᠭᠠᠷᠠᠨ ᠭᠦᠯ ᠨᠢᠴᠦᠬᠦᠨ ᠶᠢᠡᠷ ᠭᠦᠶᠤᠨ ᠭᠠᠷᠬᠤ ᠳᠤ ᠨᠢᠭᠡᠯᠡ ᠭᠡᠢ ᠭᠢᠰᠭᠢᠭᠡᠤᠨ ᠣᠨᠠᠵᠤ ᠣᠴᠢᠯ᠎ᠠ ᠃ ᠭᠦᠯ ᠬᠤᠭᠤ ᠂ ᠪᠣᠬᠤᠷ ᠪᠦᠭ᠍ᠰᠡᠨ ᠳᠤ ᠰᠢᠯ ᠯᠤᠩᠬᠤᠨ ᠬᠠᠭᠠᠷᠬᠠᠢ ᠭᠡᠮᠭᠡᠳᠡᠭ᠌ ᠰᠢᠭᠠᠵᠤ ᠣᠯᠠᠭᠠᠨ ᠵᠠᠭᠠᠯ ᠃ ᠭᠠᠢ᠌ᠬᠠᠯ ᠴᠢᠨᠢ ᠭᠡᠷ ᠲᠡᠭᠡᠨ ᠣᠠᠳᠠᠵᠤ ᠪᠠᠢ᠌ᠬᠤ ᠭᠡᠵᠤ ᠰᠤᠭᠳᠤᠭᠤ ᠪᠠᠷ ᠶᠢᠡᠨ ᠪᠣᠳᠤᠵᠤ ᠪᠠᠢ᠌ᠵᠠᠢ ᠃ ᠭᠡᠳᠤᠨ ᠮᠢᠩᠭ᠋ᠠᠨ ᠳᠦᠭᠦᠷᠢᠭ᠌ ᠶᠢᠡᠨ ᠵᠠᠷᠤᠴᠠᠭᠤᠯᠤᠭᠠᠤᠨ ᠨᠢᠭᠡ ᠪᠠᠶ᠎ᠠ ᠰᠢᠷᠬ᠎ᠠ ᠰᠤᠷᠪᠢ ᠲᠡᠶ ᠬᠤᠴᠤᠷᠤᠯ᠎ᠠ ᠃
ᠪᠢ ᠡᠳᠡᠭᠡᠷ ᠶᠢᠡᠨ ᠪᠣᠳᠤᠬᠤ ᠡᠴᠡ ᠬᠠᠯᠢᠷᠠᠬᠤ ᠪᠣᠯᠪᠠ ᠃ ᠨᠠᠢ᠌ᠵᠠ ᠶᠢᠨ ᠮᠢᠨᠢ ᠳᠦᠷᠢ ᠳᠤᠳᠤᠷᠠᠨ᠎ᠠ ᠃ ᠮᠢᠨᠤ ᠭᠡᠷᠭᠡᠢ ᠂ ᠨᠠᠢ᠌ᠵᠠ ᠶᠢᠨ ᠮᠢᠨᠢ ᠭᠡᠷᠭᠡᠢ ᠶᠢᠨ ᠵᠤᠪᠠᠯᠠᠩᠳᠤ ᠪᠠᠢ᠌ᠳᠠᠯ ᠵᠡᠷᠭᠡ ᠪᠠᠷ ᠢᠯᠠᠷᠠᠨ᠎ᠠ ᠃
ᠡᠭᠦᠨ ᠡᠴᠡ ᠡᠭᠢᠯᠡᠵᠤ ᠰᠤᠭᠳᠤᠭᠤ ᠪᠢ ᠰᠤᠭᠳᠤᠭᠤ ᠶᠢ ᠵᠢᠭ᠍ᠰᠢᠭᠦ ᠪᠣᠯᠤᠯ᠎ᠠ᠃
ᠵᠤᠬᠢᠶᠠᠭᠴᠢ᠄ ᠲ·ᠲᠦᠷᠭᠡᠨᠪᠠᠶᠠᠷ
ᠬᠠᠷᠢᠶ᠎ᠠ᠄
ᠥᠭᠥᠯᠡᠯᠭᠡᠳᠠᠷᠤᠮ᠄ 11635
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ