ᠨᠡᠪᠲᠡᠷᠡᠨ ᠤᠷᠤᠬᠤ
ᠨᠤᠳᠤᠭ ᠤᠨ ᠶᠢᠡᠨ ᠪᠣᠷᠤᠭᠠᠨ ᠳᠤ ᠨᠤᠷᠬᠤ ᠰᠠᠢ᠌ᠬᠠᠨ

ᠨᠤᠳᠤᠭ ᠲᠤ ᠮᠢᠨᠢ ᠪᠣᠷᠤᠭᠠᠨ ᠣᠷᠤᠬᠤ ᠣᠶᠠᠩᠭ᠋ᠠᠳᠠᠢ ᠰᠠᠢ᠌ᠬᠠᠨ

ᠨᠤᠳᠤᠭ ᠤᠨ ᠶᠢᠡᠨ ᠪᠣᠷᠤᠭᠠᠨ ᠳᠤ ᠨᠤᠷᠬᠤ ᠪᠠᠰᠠ ᠣᠯᠠᠮ ᠰᠠᠢ᠌ᠬᠠᠨ

ᠨᠤᠳᠤᠭ ᠤᠨ ᠮᠢᠨᠢ ᠨᠤᠭᠤᠭ᠎ᠠ ᠰᠡᠷᠭᠦᠭᠡᠳ ᠥᠩᠭᠡ ᠲᠡᠶ ᠰᠠᠢ᠌ᠬᠠᠨ

ᠨᠤᠳᠤᠭ ᠪᠢᠳᠠ ᠬᠤᠶᠠᠭᠤᠯᠠ ᠨᠤᠷᠤᠭᠠᠤᠨ ᠰᠡᠳᠭᠢᠯ ᠲᠡᠶ ᠰᠠᠢ᠌ᠬᠠᠨ


ᠴᠢᠭᠢᠭ᠌ ᠥᠨᠦᠷᠳᠦᠭᠡᠳ ᠴᠢᠯᠡᠭᠡ ᠳᠠᠢ᠌ᠯᠤᠭᠳᠠᠭᠰᠠᠨ ᠭᠦᠷᠦᠰᠤᠨ ᠳ᠋ᠤ

ᠴᠡᠴᠡᠭ᠌ ᠴᠤᠪᠣᠭᠤᠵᠢᠭᠠᠤᠨ ᠰᠡᠷᠭᠦᠯᠡᠩ ᠨᠢ ᠠᠷᠭ᠎ᠠ ᠦᠭᠡᠶ ᠭᠦᠭᠡᠷᠦᠭᠦᠢ

ᠴᠡᠩᠭᠡᠯ ᠤᠨ ᠬᠠᠪᠣ ᠳᠡᠯᠡᠭᠡᠢ ᠶᠢ ᠳᠦᠭᠦᠷᠭᠡᠭᠡᠳ

ᠴᠡᠭ᠍ᠴᠡᠦᠭᠡᠢ ᠪᠣᠯᠵᠤᠮᠤᠷ ᠵᠢᠷᠭᠢᠨ ᠳᠠᠭᠤᠯᠠᠵᠠᠢ ᠭᠦᠭᠡᠷᠦᠭᠦᠢ


ᠮᠠᠯ ᠤᠨ ᠨᠢᠷᠤᠭᠤ ᠡᠡᠮᠡᠷᠡᠨ᠎ᠡ ᠭᠡᠵᠤ ᠥᠭᠦᠯᠡᠭᠡᠳ

ᠮᠠᠯᠴᠢᠳ ᠶᠠᠭᠠᠭᠢᠬᠤ ᠶᠢᠨ ᠠᠷᠭ᠎ᠠ ᠦᠭᠡᠶ ᠪᠠᠶᠠᠷᠯᠠᠨ᠎ᠠ ᠭᠦ᠋

ᠮᠠᠢ᠌ᠯᠠᠰᠤ ᠬᠠᠢ᠌ᠯᠠᠰᠤ ᠨᠢ ᠭᠦᠭᠡᠷᠡᠭᠡᠳ

ᠮᠠᠩᠬ᠎ᠠ ᠭᠤᠪᠢ ᠨᠢ ᠨᠤᠭᠤᠭᠠᠷᠠᠨ᠎ᠠ ᠭᠦ᠋


ᠨᠠᠷᠠ ᠬᠤᠷ᠎ᠠ ᠳᠡᠩᠴᠡᠭ᠍ᠰᠡᠨ ᠨᠤᠳᠤᠭ ᠤᠨ ᠵᠢᠷᠭᠠᠯ ᠢ

ᠨᠠᠰᠤᠨ ᠤ ᠵᠢᠷᠭᠠᠯ ᠤᠨ ᠳᠤᠭᠠᠨ ᠳᠤ ᠪᠣᠳᠤᠯ ᠦᠭᠡᠶ ᠶᠠᠭᠠᠭᠢᠬᠤ ᠪᠣᠢ

ᠨᠠᠭᠠᠳᠤᠮ ᠤᠨ ᠳᠤᠭᠤᠰᠤ ᠪᠠᠨ ᠵᠢᠷᠭᠠᠭᠠᠳᠠᠭ ᠪᠣᠷᠤᠭ᠎ᠠ ᠰᠢᠭ

ᠨᠠᠷᠠᠯᠠᠭ ᠬᠤᠷᠸ᠎ᠠ ᠳᠤ ᠠᠮᠢᠳᠤᠷᠠᠳᠠᠭ ᠤᠨ ᠣᠴᠢᠷ ᠦᠭᠡᠶ ᠶᠠᠭᠠᠭᠢᠬᠤ ᠪᠣᠢ


ᠳᠡᠭ᠍ᠷᠢ ᠶᠢᠨ ᠬᠠᠶᠠᠭ᠎ᠠ ᠶᠢ ᠠᠷᠴᠢᠭᠠᠤᠨ ᠥᠩᠭᠡᠷᠡᠭᠦ ᠰᠢᠭ᠌ ᠪᠣᠷᠤᠭᠠᠨ ᠢ

ᠳᠡᠯᠡᠭᠡᠢ ᠪᠠᠷ ᠶᠢᠡᠨ ᠠᠮᠢᠰᠬᠤᠭᠠᠤᠨ ᠠᠭᠤᠵᠢᠷᠠᠵᠤ ᠣᠩᠭ᠋ᠣᠢ᠌ᠳᠠᠭ ᠭᠤᠶᠤ ᠶᠤᠮ

ᠳᠡᠨᠢᠭᠡᠷ ᠳᠠᠯ᠎ᠠ ᠶᠢ ᠪᠠᠨ ᠬᠠᠷᠠᠭᠰᠠᠨ ᠶᠤᠮᠰᠢᠭ ᠬᠠᠷᠠᠭ᠎ᠠ ᠳᠠᠯᠪᠢᠭᠤᠷᠠᠭᠠᠤᠨ

ᠳᠡᠨᠢᠭᠦᠨ ᠪᠣᠳᠤᠯ ᠡᠷᠭᠡ ᠦᠭᠡᠶ ᠣᠷᠭᠤᠳᠠᠭ ᠳᠠᠪᠠᠳᠠᠢ ᠶᠤᠮ


ᠨᠤᠳᠤᠭ ᠤᠨ ᠪᠣᠷᠤᠭᠠᠨ ᠳᠤ ᠨᠤᠷᠬᠤ ᠥᠨᠡᠭᠡᠷ ᠰᠠᠢ᠌ᠬᠠᠨ

ᠨᠤᠯᠤᠮ ᠨᠤᠭᠤᠭᠠᠨ ᠳᠤ ᠨᠢ ᠰᠤᠭᠳᠤᠭᠤᠷᠠᠮ᠎ᠠ ᠳᠤᠷᠠᠯᠠᠳᠠᠭ ᠪᠠᠢ᠌ᠯ᠎ᠠ ᠪᠢ

ᠨᠤᠭᠤ ᠶᠢᠨ ᠳᠤᠭᠤᠷᠤᠤ ᠰᠢᠭ ᠨᠤᠳᠤᠭᠰᠢᠭᠰᠠᠨ ᠪᠣᠳᠤᠯ ᠮᠢᠨᠢ ᠭᠦᠭᠡᠷᠦᠭᠦᠢ

ᠨᠤᠷᠴᠤ ᠯᠠ ᠶᠠᠪᠣᠭᠰᠠᠨ ᠨᠠᠷᠠ ᠰᠢᠭ ᠳᠤᠩᠭ᠋ᠠᠯᠠᠭ ᠰᠠᠢ᠌ᠬᠠᠨ


ᠵᠤᠬᠢᠶᠠᠭᠴᠢ ᠶᠢᠨ ᠬᠠ‍‌ᠶᠢᠭ ᠄ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ