☆ ᠳ᠋·ᠨᠠᠮᠵᠠᠪ
ᠪᠠᠭᠰᠢ ᠶᠢᠨ ᠠᠯᠳᠠᠷ
ᠴᠡᠴᠡᠭ᠌ ᠠᠳᠠᠯᠢ ᠰᠤᠷᠭᠤᠭ
ᠴᠢᠷᠮᠠᠢ᠌ᠯᠳᠠ ᠰᠠᠢ᠌ᠳᠠᠢ ᠰᠤᠷᠤᠭᠴᠢᠳ ᠳᠠᠭᠠᠨ
ᠴᠢᠳᠠᠪᠣᠷᠢ ᠮᠡᠳᠡᠯᠭᠡ ᠡᠵᠡᠮᠰᠢᠭᠦᠯᠭᠦ ᠪᠠᠷ
ᠴᠢᠳᠠᠯ ᠳᠠᠮᠢᠷ ᠶᠢᠡᠨ ᠭᠠᠷᠭᠠᠳᠠᠭ᠃
ᠮᠠᠨ ᠤ ᠪᠠᠭᠰᠢ ᠶᠢᠨ ᠠᠯᠳᠠᠷ
ᠮᠡᠷᠭᠡᠳ ᠤᠨ ᠰᠤᠳᠤᠷ ᠤᠨ ᠳᠡᠭᠡᠵᠢ᠃
ᠬᠡᠦᠬᠡᠳ ᠤᠨ ᠰᠠᠳᠭᠢᠴᠠ ᠪᠣᠢ᠌ᠵᠢᠭᠤᠯᠬᠤ
ᠭᠦᠮᠦᠵᠢᠯ ᠭᠢᠵᠤ ᠶᠠᠭᠠᠷᠠᠳᠠᠭ᠂
ᠭᠦᠨᠡᠰᠤ ᠳᠡᠵᠢᠭᠡᠯ ᠪᠣᠯᠤᠮᠠᠷ
ᠭᠦᠨ ᠶᠤᠰᠤ ᠶᠢ ᠮᠡᠳᠡᠭᠦᠯᠳᠡᠭ᠌᠃
ᠮᠠᠨ ᠤ ᠪᠠᠭᠰᠢ ᠶᠢᠨ ᠠᠯᠳᠠᠷ
ᠮᠤᠩᠭ᠋ᠤᠯ ᠳᠠᠭᠤᠨ ᠤ ᠬᠠᠩᠭᠢᠨᠠᠭ᠎ᠠ᠃
ᠨᠤᠮ ᠡᠴᠡ ᠮᠡᠳᠡᠯᠭᠡ ᠣᠯᠭᠤᠵᠤ
ᠨᠤᠮᠴᠢ ᠪᠣᠯᠭᠠᠬᠤ ᠪᠠᠷ ᠵᠢᠦᠡᠭᠦᠨ᠎ᠡ᠂
ᠥᠢᠯᠡᠳᠦᠯᠭᠡ ᠡᠴᠡ ᠰᠤᠷᠭᠠᠮᠵᠢ ᠭᠦᠷᠳᠡᠭᠡᠵᠤ
ᠣᠢ᠌ᠯᠠᠰᠴᠢ ᠶᠢᠨ ᠮᠥᠷᠳᠡᠯᠭᠡ ᠳᠠᠰᠬᠠᠨ᠎ᠠ᠃
ᠮᠠᠨ ᠤ ᠪᠠᠭᠰᠢ ᠶᠢᠨ ᠠᠯᠳᠠᠷ
ᠮᠤᠷᠢᠨ ᠬᠤᠭᠤᠷ ᠤᠨ ᠣᠶᠠᠩᠭ᠋ᠠᠷᠠᠯ᠃
ᠡᠪᠠᠦᠡᠴᠢᠳᠡᠨ ᠤ ᠣᠷᠤᠨ ᠳᠡᠭᠡᠷ᠎ᠡ ᠪᠣᠯᠪᠠᠴᠤ
ᠥᠵᠡᠳᠡᠭ᠌ ᠨᠢ ᠵᠢᠭᠠᠬᠤ ᠪᠢᠴᠢᠭ᠌᠃
ᠠᠮᠠᠷᠠᠭᠠᠤᠨ ᠭᠡᠷ ᠲᠡᠭᠡᠨ ᠰᠠᠭᠤᠭᠰᠠᠨ ᠴᠤ
ᠦᠨᠡᠨ ᠰᠡᠳᠭᠢᠯ ᠨᠢ ᠬᠡᠦᠬᠡᠳ ᠲᠤ᠃
ᠮᠠᠨ ᠤ ᠪᠠᠭᠰᠢ ᠤᠨ ᠠᠯᠳᠠᠷ
ᠮᠤᠩ ᠦᠭᠡᠶ ᠣᠯᠠᠨ ᠤ ᠪᠢᠰᠢᠷᠠᠯ᠃
ᠪᠢᠴᠢᠭᠡᠳ ᠳᠠᠯᠪᠢᠭᠰᠠᠨ ᠺᠤᠠᠰᠫᠧᠺᠲ᠋ ᠨᠢ
ᠪᠢᠯᠢᠭ᠌ ᠴᠤᠭᠤᠷᠤᠭᠤᠯᠠᠬᠤ1 ᠬᠤᠷᠢᠶᠠᠮᠵᠢ᠂
ᠵᠠᠰᠠᠵᠤ ᠴᠤᠬᠤᠯᠠᠭᠰᠠᠨ ᠳᠠᠰᠬᠠᠯ ᠨᠢ
ᠵᠠᠳᠠᠯᠵᠤ ᠳᠤᠯᠢᠯᠠᠭᠤᠯᠠᠬᠤ ᠣᠬᠠᠭᠠᠮᠵᠢ᠃
ᠮᠠᠨ ᠤ ᠪᠠᠭᠰᠢ ᠶᠢᠨ ᠠᠯᠳᠠᠷ
ᠮᠥᠩᠭᠡ ᠴᠠᠰᠤᠳᠤ ᠶᠢᠨ ᠭᠠᠪᠣᠷ 2᠃
ᠬᠡᠦᠬᠡᠳ ᠴᠠᠭ ᠲᠤ ᠭᠡᠯᠡᠭ᠍ᠰᠡᠨ
ᠭᠡᠭᠡᠨ ᠥᠭᠡ ᠨᠢ ᠳᠤᠷᠠᠰᠤᠭᠳᠠᠨᠠᠮ᠃
ᠭᠡᠵᠢᠶ᠎ᠡ ᠭᠡᠵᠢᠶ᠎ᠡ ᠴᠤ ᠰᠤᠷᠤᠭᠴᠢᠳ ᠳᠠᠭᠠᠨ
ᠭᠡᠭᠡᠷᠡᠯ ᠳᠠᠭᠤᠳᠠᠵᠤ ᠰᠢᠵᠢᠷᠳᠠᠨᠠᠮ᠃
ᠮᠠᠨ ᠤ ᠪᠠᠭᠰᠢ ᠶᠢᠨ ᠠᠯᠳᠠᠷ
ᠮᠢᠩᠭ᠋ᠠᠨ ᠭᠠᠯᠪᠠ ᠶᠢᠨ ᠮᠠᠭᠳᠠᠭᠠᠯ ︕
*** ᠳᠠᠢ᠌ᠯᠪᠣᠷᠢ᠄ 1. ᠴᠤᠭᠤᠷᠤᠭᠤᠯᠬᠤ ᠊᠊᠊᠊᠊᠊᠊᠊᠊᠊᠊᠊᠊᠊᠊ ᠨᠡᠭᠡᠭᠡᠭ᠍ᠳᠡᠭᠦᠯᠭᠦ
2 . ᠭᠠᠪᠣᠷ ᠊᠊᠊᠊᠊᠊᠊᠊᠊᠊᠊᠊᠊᠊᠊ ᠵᠢᠯ ᠤᠨ ᠳᠤᠷᠰᠢ ᠴᠠᠰᠤᠨ ᠳᠤ ᠬᠤᠴᠢᠭᠳᠠᠵᠤ ᠪᠠᠢ᠌ᠳᠠᠭ ᠠᠭᠤᠯᠠ ᠶᠢ ᠮᠥᠩᠭᠡ ᠴᠠᠰᠤᠳᠤ ᠬᠠᠢ᠌ᠷᠬᠠᠨ ᠭᠡᠵᠤ ᠮᠠᠨ ᠤ ᠣᠢ᠌ᠷᠠᠤᠨ ᠨᠤᠳᠤᠭ ᠤᠨ ᠭᠦᠮᠦᠰ ᠭᠡᠯᠡᠳᠡᠭ᠌᠃ ᠭᠠᠪᠣᠷ ᠭᠡᠭ᠍ᠴᠢ ᠪᠣᠯ ᠣᠳᠠᠭᠠᠨ ᠵᠢᠯ ᠬᠠᠢ᠌ᠯᠠᠭᠠᠤᠨ ᠦᠭᠡᠶ ᠮᠥᠩᠭᠡ ᠴᠠᠰᠤᠨ ᠤ ᠳᠡᠭᠡᠷ᠎ᠡ ᠳᠤᠭᠳᠠᠭᠰᠠᠨ ᠨᠢᠮᠭᠡᠨ ᠬᠠᠯᠢᠰᠤᠯᠢᠭ ᠴᠠᠭᠠᠨ ᠪᠠᠶᠠᠳᠤ ᠶᠢ ᠭᠡᠯᠡᠳᠡᠭ᠌᠃ ᠳᠠᠷᠠ ᠨᠢ ᠰᠡᠷᠢᠭᠦᠨ ᠴᠢᠨᠠᠷᠳᠠᠢ᠂ ᠮᠤᠩᠭ᠋ᠤᠯ ᠲᠦᠪᠡᠳ ᠡᠮ ᠳᠤ ᠣᠷᠤᠨ᠎ᠠ᠃ ᠮᠠᠨ ᠤ ᠨᠤᠳᠤᠭ ᠲᠤ ᠭᠠᠪᠣᠷ ᠭᠡᠳᠡᠭ᠌᠂ ᠳᠠᠨ ᠤ ᠦᠪᠣᠷ ᠮᠤᠩᠭ᠋ᠤᠯ ᠳᠤ ᠶᠠᠭᠤ ᠭᠡᠳᠡᠭ᠌ ᠢ ᠮᠡᠳᠡᠭᠦ ᠦᠭᠡᠶ᠂ ᠪᠠᠷᠤᠭ ᠥᠭᠡᠷ᠎ᠡ ᠭᠡᠯᠡᠯᠭᠡ ᠪᠠᠷ ᠨᠡᠷᠡᠯᠡᠳᠡᠭ᠌ ᠪᠠᠢ᠌ᠵᠤ ᠮᠠᠭᠠᠤᠨ᠃
*** ᠪᠢ ᠭᠢᠴᠢᠶᠠᠮᠵᠢ ᠦᠭᠡᠶ ᠡᠴᠡ ᠪᠣᠯᠵᠤ ᠵᠤᠬᠢᠶᠠᠯ ᠳᠠᠭᠠᠨ ᠪᠣᠷᠤᠭᠤ ᠥᠰᠦᠭ᠌ ᠠᠷᠪᠢᠨ ᠪᠢᠴᠢᠵᠠᠢ᠃ ᠪᠠᠰᠠ ᠨᠢᠭᠡ ᠳᠠᠯ᠎ᠠ ᠪᠠᠷ ᠣᠢ᠌ᠷᠠᠤᠨ ᠠᠶᠠᠯᠭᠤ ᠪᠠᠷ ᠪᠢᠴᠢᠭᠦ ᠶᠢ ᠣᠷᠤᠯᠳᠤᠭᠰᠠᠨ ᠡᠴᠡ ᠡᠢ᠌ᠮᠤ ᠪᠠᠢ᠌ᠳᠠᠯ ᠭᠠᠷᠴᠠᠢ᠃ ᠨᠠᠢ᠌ᠷᠠᠭᠤᠯᠤᠭᠴᠢ ᠨᠥᠭᠦᠷ ᠮᠠᠨ ᠤ ᠰᠢᠠᠵᠢᠶᠠᠩᠴᠤᠳ ᠲᠤ ᠰᠠᠨᠠᠭ᠎ᠠ ᠣᠷᠭᠢᠬᠤ ᠶᠢ ᠭᠦᠰᠡᠶ᠎ᠡ ︕
ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3631
ᠴᠠᠭ᠄ 2009 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ