ᠨᠡᠪᠲᠡᠷᠡᠨ ᠤᠷᠤᠬᠤ
ᠬᠠᠢ᠌ᠷ᠎ᠠ ᠶᠢᠨ ᠰᠤᠨᠢᠨ ᠬᠤᠷᠸ᠎ᠠ

ᠳᠤᠭᠤᠭᠰᠠᠨ ᠴᠢᠨᠤ ᠠᠷᠤ ᠡᠴᠡ

ᠨᠡᠭᠡᠭᠡᠳ ᠨᠡᠭᠡᠭᠡᠳ ᠭᠦᠢᠴᠡᠭᠦ ᠦᠭᠡᠶ᠂

ᠪᠣᠳᠤᠯᠭᠠᠨ ᠳᠤ ᠦᠭᠡᠶ ᠨᠢᠭᠡ ᠨᠢ

ᠪᠣᠷᠪᠢᠨ ᠬᠣᠢ᠌ᠨ᠎ᠠ ᠡᠴᠠ ᠴᠢᠨᠢ ᠰᠠᠯᠬᠤ ᠥᠭᠡᠢ

ᠬᠠᠢ᠌ᠷ᠎ᠠ ᠭᠡᠳᠡᠭ᠌ ᠣᠨᠤᠯ

ᠬᠠᠴᠢᠨ ᠪᠦᠭᠡᠳ ᠰᠤᠨᠢᠨ

ᠬᠠᠷ᠎ᠠ ᠳᠠᠷᠤᠭᠰᠠᠨ ᠵᠡᠭᠦᠳᠤ ᠰᠢᠭ᠌

ᠤᠷᠤᠭ᠎ᠠ ᠪᠦᠭᠡᠳ ᠪᠣᠰᠤᠭ᠎ᠠ

ᠰᠠᠨᠠᠯ᠎ᠠ ᠭᠡᠳᠡᠭ᠌ ᠥᠭᠡ ᠵᠢ

ᠭᠦᠭᠡᠰᠤ ᠭᠠᠷᠳᠠᠯ᠎ᠠ ᠶᠠᠷᠢᠪᠠᠴᠤ

ᠰᠠᠨᠠᠬᠤ ᠦᠭᠡᠶ ᠭᠡᠳᠡᠭ᠌ ᠥᠭᠡᠨ ᠤ

ᠨᠢᠭᠡᠯᠡ ᠬᠠᠷᠢᠭᠤ ᠳᠤ ᠭᠤᠳᠤᠷᠠᠨ᠎ᠠ

ᠬᠤᠪᠢ ᠵᠠᠶᠠᠭ᠎ᠠ ᠦᠨᠡᠨ ᠭᠡᠵᠤ

ᠪᠠᠶ᠎ᠡ ᠪᠠᠨ ᠪᠢᠳᠠᠭᠢ ᠮᠡᠭᠡᠯᠡᠶ᠎ᠡ

ᠬᠤᠷᠸ᠎ᠠ ᠶᠢᠨ ᠠᠮᠢᠳᠤᠷᠠᠯ ᠳᠤᠮᠳᠠ

ᠬᠠᠢ᠌ᠷ᠎ᠠ ᠪᠠᠨ ᠨᠠᠠᠳᠢᠩᠨᠠᠵᠤ ᠶᠠᠪᠣᠶ᠎ᠠ᠃


ᠵᠤᠬᠢᠶᠠᠭᠴᠢ ᠶᠢᠨ ᠬᠠᠶ‍ᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ3 ᠳ᠋ᠤᠭᠠᠷ ᠳᠤᠭᠣᠢ᠌ᠯᠠᠩ

ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ