☆ ᠳᠠᠪᠰᠢᠯᠳᠤ
ᠮᠤᠩᠭ᠋ᠤᠯ᠂ ᠳᠠᠪᠤᠨ ᠬᠤᠰᠢᠭᠤ ᠮᠠᠯ᠂ ᠨᠤᠬᠠᠢ
ᠮᠤᠩᠭᠤᠯ ᠭᠡᠵᠤ
ᠶᠤᠰᠤ ᠶᠢ ᠳᠡᠭᠡᠳᠦᠯᠡᠳᠡᠭ᠌ ᠳᠠᠷᠬᠠᠨ ᠣᠷᠤᠨ ᠴᠤ
ᠶᠤᠷᠤ ᠲᠡᠶ ᠪᠦᠭᠦᠨ ᠢ ᠴᠤ ᠦᠷᠤ ᠡᠪᠠᠳᠤᠨ᠎ᠡ᠃
ᠨᠢᠳᠦᠯᠡᠭᠦ ᠳᠤ ᠴᠤ ᠮᠠᠢ᠌ᠯᠠᠳᠠᠭ ᠥᠭᠡᠢ
ᠨᠤᠮᠤᠢ ᠳᠤᠷᠤᠢ ᠵᠠᠩ ᠲᠡᠶ ᠬᠤᠨᠢ ᠪᠠᠢ᠌ᠯ᠎ᠠ᠃
ᠮᠤᠩᠭᠤᠯ ᠭᠡᠵᠤ
ᠰᠢᠨ᠎ᠡ ᠶᠢ ᠡᠷᠭᠢᠮᠯᠡᠳᠡᠭ᠌ ᠳᠠᠭᠱᠢᠨ ᠣᠷᠤᠨ
ᠰᠡᠪᠠᠭᠦᠨ ᠪᠦᠭᠦᠨ ᠢ ᠡᠷᠢᠯᠭᠢᠯᠡᠨ᠎ᠡ
ᠰᠠᠷᠠᠯᠵᠢ ᠲᠡᠶ ᠬᠠᠰᠢᠶ᠎ᠠ ᠳᠡᠭᠡᠭᠦᠷ ᠰᠠᠷᠳᠠᠯᠵᠠᠵᠤ
ᠰᠤᠷᠭᠤᠭ ᠢ ᠭᠦᠭᠡᠭᠡᠴᠡᠯᠳᠦᠳᠡᠭ᠌ ᠭᠤᠳᠤᠯᠵᠠᠬᠤ ᠵᠠᠩ ᠲᠡᠶ ᠢᠮᠠᠭ᠎ᠠ ᠪᠠᠢ᠌ᠯ᠎ᠠ᠃
ᠮᠤᠩᠭᠤᠯ ᠭᠡᠵᠤ
ᠵᠥᠭᠡᠯᠡᠨ ᠢ ᠪᠠᠬᠠᠷᠬᠠᠳᠠᠭ ᠠᠮᠤᠭᠤᠯᠠᠩ ᠣᠷᠤᠨ
ᠵᠦᠪ ᠢ ᠰᠤᠩᠭᠤᠵᠤ ᠦᠨᠡᠨ ᠢ ᠡᠷᠢᠳᠡᠭ᠌
ᠮᠤᠷᠢᠨ ᠬᠤᠭᠤᠷ ᠤᠨ ᠳᠠᠭᠤᠨ ᠳᠤ ᠣᠶᠠᠷᠠᠵᠤ
ᠮᠤᠠᠳᠠᠭ ᠳᠤᠮᠤ ᠪᠠᠶ᠎ᠠ ᠪᠠᠨ ᠰᠥᠭᠦᠳᠭᠡᠵᠤ ᠥᠭ᠍ᠳᠡᠭ᠌ ᠵᠠᠩ ᠲᠡᠶ ᠳᠡᠮᠡᠭᠡ ᠪᠠᠢ᠌ᠯ᠎ᠠ᠃
ᠮᠤᠩᠭᠤᠯ ᠭᠡᠵᠤ
ᠲᠡᠩᠴᠡᠬᠦᠤ ᠶᠢ ᠪᠠᠳᠤᠯᠠᠳᠠᠭ ᠳᠡᠨᠢᠭᠡᠷ ᠣᠷᠤᠨ
ᠳᠡᠩᠭᠡᠭᠡ ᠲᠡᠶ ᠡᠰᠡᠭᠦ ᠶᠢ ᠨᠢ ᠰᠢᠯᠭᠠᠳᠠᠭ ᠴᠤ
ᠳᠡᠭ᠍ᠰᠢ ᠪᠣᠰᠤ ᠶᠢ ᠦᠵᠠᠵᠤ ᠴᠢᠳᠠᠳᠠᠭ ᠥᠭᠡᠢ
ᠳᠡᠭ᠌ ᠳᠤᠮᠳᠠᠭᠤᠷ ᠨᠢ ᠳᠠᠰᠤᠯᠵᠤ ᠥᠭ᠍ᠳᠡᠭ᠌ ᠳᠡᠨᠡᠭ᠌ ᠵᠠᠩ ᠲᠡᠶ ᠥᠭᠡᠷ ᠪᠠᠢ᠌ᠯ᠎ᠠ᠃
ᠮᠤᠩᠭᠤᠯ ᠭᠡᠵᠤ
ᠬᠤᠷᠳᠤᠨ ᠢ ᠪᠢᠰᠢᠷᠡᠳᠡᠭ᠌ ᠲᠤᠢ᠌ᠪᠰᠢᠨ ᠣᠷᠤᠨ ᠳ᠋ᠤ
ᠬᠤᠩᠭᠢᠶ᠎ᠠ ᠰᠤᠮᠤᠨ ᠢ ᠰᠢᠪᠳᠤᠯᠵᠤ
ᠬᠤᠯᠭᠢᠵᠤ ᠪᠠᠢ᠌ᠭᠠᠤᠨ ᠳᠤᠳᠠᠭᠠᠵᠤ ᠢᠷᠡᠭ᠍ᠰᠡᠨ
ᠬᠤᠷᠸ᠎ᠠ ᠳᠤ ᠬᠤᠤᠰ ᠦᠭᠡᠶ ᠨᠤᠳᠤᠭᠴᠢ ᠵᠠᠩ ᠲᠡᠶ ᠮᠤᠷᠢ ᠪᠠᠢ᠌ᠯ᠎ᠠ᠃
ᠮᠤᠩᠭᠤᠯ ᠭᠡᠵᠤ
ᠦᠨᠡᠠᠴᠢ ᠶᠢ ᠭᠦᠡᠳᠦᠳᠭᠡᠳᠡᠭ᠌ ᠳᠠᠢ᠌ᠪᠣᠩ ᠣᠷᠤᠨ ᠴᠤ
ᠦᠵᠦᠭᠦᠷ ᠭᠢᠵᠠᠭᠠᠷ ᠦᠭᠡᠶ ᠣᠷᠳᠤ ᠴᠠᠭ ᠮᠦᠴᠡ ᠳᠤ ᠴᠤ
ᠦᠷᠭᠦᠯᠵᠢ ᠵᠠᠩᠳᠤᠷᠴᠤ ᠶᠠᠪᠣᠳᠠᠭ ᠡᠵᠡᠨ ᠶᠢᠠᠨ ᠴᠤ
ᠥᠭᠦᠳᠡᠯ᠎ᠡ ᠪᠠᠨ ᠭᠦᠯᠢᠶᠡᠳᠡᠭ᠌ ᠢᠳᠡᠭᠡᠯ ᠲᠡᠶ ᠬᠤᠳᠠᠴᠢ ᠨᠤᠬᠠᠢ ᠪᠠᠢ᠌ᠯ᠎ᠠ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ ᠵᠢᠨ 09 ᠮᠤᠩᠭ᠋ᠤᠯ ᠭᠡᠯᠡ ᠤᠳᠬ᠎ᠠ ᠵᠤᠬᠢᠶᠠᠯ ᠤᠨ ᠠᠩᠭᠢ
ᠵᠤᠬᠢᠶᠠᠭᠴᠢ᠄ ᠳᠠᠪᠰᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 08 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ