ᠨᠡᠪᠲᠡᠷᠡᠨ ᠤᠷᠤᠬᠤ
ᠪᠢᠴᠢᠬᠠᠨ ᠳᠡᠭᠦᠤ ᠳᠤ ᠪᠠᠨ ᠪᠢᠴᠢᠭ᠍ᠰᠡᠨ ᠰᠢᠯᠦᠭ᠌

ᠤᠭ᠍ᠶᠤ ᠰᠢᠭ ᠰᠡᠳᠭᠢᠯ ᠴᠠᠢ᠌ᠯᠭᠠᠨ

ᠣᠰᠤ ᠰᠢᠭ ᠣᠬᠠᠭᠠᠨ ᠳᠤᠩᠭ᠋ᠠᠯᠠᠭ

ᠠᠭᠤᠯᠠ ᠰᠢᠭ ᠡᠷ᠎ᠡ ᠶᠢᠨ ᠰᠦᠷ ᠲᠡᠶ

ᠣᠯᠠᠭᠠᠨ ᠬᠠᠴᠠᠷ ᠲᠡᠶ ᠭᠦᠭᠡᠷᠦᠭᠦᠨ ᠳᠡᠭᠦᠤ ᠮᠢᠨᠢ


ᠨᠠᠷᠠ ᠰᠢᠭ ᠴᠤᠭ ᠭᠡᠷᠡᠯᠳᠡᠢ

ᠨᠠᠪᠴᠢ ᠰᠢᠭ ᠰᠤᠷᠭᠤᠭ ᠴᠤᠪᠣᠭᠤᠳᠠᠢ

ᠨᠠᠮᠤᠷ ᠰᠢᠭ ᠳᠦᠭᠦᠷᠡᠩ ᠵᠢᠷᠭᠠᠯᠳᠠᠢ ᠡᠷᠭᠡ

ᠨᠠᠷᠭᠢᠶ᠎ᠠ ᠴᠤᠭᠳᠠᠢ ᠶᠠᠪᠣᠭᠠᠷᠠᠢ


ᠡᠵᠢ ᠠᠪᠣ ᠶᠢᠨ ᠶᠢᠡᠨ ᠡᠯᠢᠭᠡᠨ ᠳᠤ

ᠡᠷᠭᠡ ᠵᠢᠷᠭᠠᠯᠳᠠᠢ ᠥᠰᠦᠭᠡᠷᠡᠢ

ᠡᠷᠳᠡᠮ ᠨᠤᠮ ᠤᠨ ᠳᠤᠩᠭ᠋ᠠᠯ ᠳᠤ

ᠦᠯᠡᠮᠵᠢ ᠮᠡᠳᠡᠯᠭᠡ ᠲᠡᠶ ᠥᠰᠦᠭᠡᠷᠡᠢ


ᠠᠪᠣ ᠡᠵᠢ ᠪᠠᠨ ᠪᠠᠶᠠᠷᠯᠠᠭᠤᠯᠤᠨ᠎ᠠ

ᠳᠡᠭ᠍ᠷᠢ ᠶᠢᠨ ᠣᠳᠤ ᠶᠢ ᠴᠤ ᠰᠢᠭᠦᠷᠡᠭᠦ

ᠳᠡᠭᠦᠯᠳᠡᠷ ᠮᠡᠳᠡᠯᠭᠡ ᠶᠢ ᠡᠵᠡᠮᠰᠢᠭᠡᠷᠡᠢ

ᠲᠦᠮᠡᠨ ᠪᠠᠷᠭᠡ ᠶᠢ ᠴᠤ ᠠᠯᠵᠢᠬᠤ ᠦᠭᠡᠶ

ᠳᠡᠭᠦᠰ ᠴᠢᠳᠠᠪᠣᠷᠢᠳᠠᠢ ᠪᠣᠯᠤᠭᠠᠷᠠᠢ


ᠠᠩᠭ᠋᠎ᠠ ᠳᠡᠭᠦᠤ ᠳᠡᠷᠭᠡᠯ ᠮᠢᠨᠢ

ᠣᠬᠠᠭᠠᠨ ᠳᠤᠮᠤᠭ᠎ᠠ ᠲᠡᠶ ᠪᠣᠢ᠌ᠵᠢᠨ᠎ᠠ

ᠣᠯᠠᠭᠠᠨ ᠬᠠᠪᠢᠰᠤ ᠲᠡᠶ ᠱᠠᠩᠨᠠᠯ ᠳᠤᠰᠤᠭᠠᠤᠨ

ᠠᠪᠣ ᠡᠵᠢ ᠪᠠᠨ ᠪᠠᠶᠠᠷᠯᠠᠭᠤᠯᠤᠨ᠎ᠠ


ᠠᠪᠣ ᠡᠵᠢ ᠬᠤᠶᠠᠷ ᠤᠨ ᠶᠢᠡᠨ

ᠨᠠᠷᠠ ᠨᠢ ᠪᠣᠯᠤᠭᠰᠠᠨ ᠮᠠᠨ ᠤ ᠳᠡᠭᠦᠤ

ᠠᠬ᠎ᠠ ᠡᠭᠡᠴᠢ ᠪᠢᠳᠠᠨ ᠤ ᠪᠠᠨ

ᠬᠠᠢ᠌ᠷ᠎ᠠ ᠶᠢ ᠪᠣᠯᠢᠶᠠᠭᠰᠠᠨ ᠳᠡᠭᠦᠤ ᠶᠢᠨ ᠶᠢᠡᠨ

ᠠᠷᠪᠠᠨ ᠨᠠᠰᠤᠨ ᠤ ᠣᠢ ᠳᠤ ᠵᠤᠷᠢᠭᠤᠯᠪᠠ᠃


ᠵᠤᠬᠢᠶᠠᠭᠴᠢ ᠶᠢᠨ ᠬᠠ‍‌ᠶᠢᠭ ᠄ ᠴᠦᠩᠴᠢᠩ ᠶᠡᠭᠡ ᠰᠤᠷᠭᠠᠭᠤᠯᠢ

ᠵᠤᠬᠢᠶᠠᠭᠴᠢ᠄ ᠰᠦᠷᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ