ᠨᠡᠪᠲᠡᠷᠡᠨ ᠤᠷᠤᠬᠤ
ᠪᠦᠮᠪᠦᠷᠴᠡᠭ᠌ ᠮᠢᠨᠢ ᠳᠠ ᠶᠠᠳᠠᠷᠠᠵᠤ ᠪᠠᠢ᠌ᠨᠠᠤ ︖

ᠪᠦᠮᠪᠦᠷᠴᠡᠭ᠌ ᠮᠢᠨᠢ ᠳᠠ ᠶᠠᠳᠠᠷᠠᠵᠤ ᠪᠠᠢ᠌ᠨᠠᠤ ︖

ᠪᠠᠢ᠌ᠨ ᠪᠠᠢ᠌ᠨ ᠪᠠᠶ᠎ᠠ ᠪᠠᠨ ᠶᠠᠭᠤᠨ ᠳᠤ ᠰᠢᠯᠭᠡᠭᠡᠭᠦ ᠪᠣᠢ

ᠪᠦᠳᠤᠨ ᠪᠦᠯᠢᠶᠡᠨ ᠪᠠᠢ᠌ᠠᠠᠰᠠᠨ ᠭᠦᠮᠤᠨ ᠠᠷᠠᠤᠨ ᠴᠢᠨᠢ

ᠪᠠᠭ᠎ᠠ ᠪᠢᠰᠢ ᠣᠯᠠᠨ ᠣᠯᠠᠨ ᠵᠤᠪᠠᠯᠠᠩ ᠳᠤ ᠣᠴᠠᠷᠠᠯ᠎ᠠ

ᠭᠠᠯᠳᠤ ᠠᠭᠤᠯᠠ᠂ ᠭᠠᠵᠠᠷ ᠭᠦᠳᠦᠯᠦᠯᠳᠡ᠂ ᠴᠡᠰᠤᠨ ᠰᠢᠭᠤᠷᠭᠠᠨ

ᠭᠠᠯ ᠣᠯᠠᠭᠠᠨ ᠳᠣᠢ᠌ᠮᠠᠷ ᠰᠠᠯᠭᠢᠨ ᠪᠣᠷᠤᠭᠠᠨ

ᠭᠠᠵᠠᠷ ᠤᠨ ᠠᠩ ᠴᠢᠯᠠᠭᠤᠨ ᠦᠶᠡᠷ

ᠭᠠᠵᠠᠷ ᠭᠠᠵᠠᠷ ᠲᠤ ᠡᠭᠦᠰᠵᠤ

ᠭᠠᠯ ᠣᠯᠠᠭᠠᠨ ᠵᠢᠷᠦᠭᠡ᠂ ᠮᠣᠢ᠌ᠯ ᠬᠠᠷ᠎ᠠ ᠨᠢᠳᠤᠳ

ᠭᠡᠨᠡᠳᠲᠡ ᠶᠢᠨ ᠪᠠᠷᠴᠢᠳ ᠣᠴᠠᠷᠠᠵᠤ

ᠭᠡᠷ ᠬᠤᠷᠢᠶ᠎ᠠ ᠦᠨᠡᠰᠤᠨ ᠳᠤᠪᠣᠷᠴᠠᠭ ᠪᠣᠯᠤᠯ᠎ᠠ᠂

ᠭᠠᠩᠭ᠋ᠠᠩ ᠰᠠᠢ᠌ᠬᠠᠨ ᠪᠠᠢ᠌ᠭᠠᠯᠢ ᠡᠵᠢ

ᠭᠠᠮᠰᠢᠭ ᠳᠠᠷᠢᠵᠤ᠂ ᠠᠶᠤᠮᠰᠢᠭ ᠠᠪᠴᠢᠷᠠᠨ

ᠠᠷᠪᠠᠨ ᠳᠠᠪᠤᠨ ᠳᠤᠯᠤᠭᠠᠢ ᠲᠡᠶ

ᠠᠳᠠᠭᠠᠷ ᠬᠠᠷ᠎ᠠ ᠮᠠᠩᠭ᠋ᠤᠰ ᠰᠢᠭ

ᠠᠯᠢᠪᠠ ᠪᠤᠭᠤᠨᠢ ᠵᠡᠯᠭᠡᠭᠡᠭᠦ ᠪᠠᠷ

ᠦᠶᠡᠷ ᠪᠣᠯᠤᠭᠠᠤᠨ ᠣᠷᠤᠰᠤᠭᠠᠤᠨ ᠢᠷᠠᠨ᠎ᠠ

ᠣᠯᠠᠭᠠᠨ ᠳᠣᠢ᠌ᠮᠠᠷ ᠪᠣᠯᠤᠭᠠᠤᠨ ᠰᠢᠳᠠᠭᠠᠤᠨ ᠢᠷᠠᠨ᠎ᠠ

ᠴᠠᠭᠠᠨ ᠵᠤᠳ ᠪᠣᠯᠵᠤ ᠪᠦᠷᠭᠦᠭᠡᠳ ᠢᠷᠠᠨ᠎ᠠ

ᠴᠠᠰᠤᠨ ᠰᠢᠭᠤᠷᠠᠭᠨ ᠪᠣᠯᠵᠤ ᠭᠦᠯᠳᠡᠭᠡᠵᠤ ᠢᠷᠠᠨ᠎ᠠ

ᠳᠠᠯᠠᠢ ᠳᠠᠩᠭᠢᠰ ᠢ ᠳᠤᠰᠤ ᠪᠠᠷ ᠪᠣᠵᠠᠷᠯᠠᠯ᠎ᠠ

ᠳᠡᠭ᠍ᠰᠢ ᠳᠠᠯ᠎ᠠ ᠭᠠᠩ ᠶᠢᠠᠷ ᠬᠠᠳᠠᠯ᠎ᠠ

ᠳᠡᠭᠡᠭᠡᠳ ᠠᠮᠢᠳᠠᠨ ᠵᠢᠷᠭᠤᠭᠠᠨ ᠵᠣᠢ᠌ᠯ

ᠪᠦᠮᠪᠦᠷᠴᠡᠭ᠌ ᠳᠠᠨ ᠢ ᠪᠠᠨ ᠰᠡᠵᠢᠭᠯᠡᠭᠦ ᠪᠣᠯᠤᠯ᠎ᠠ

ᠪᠣᠳᠤᠨ ᠪᠣᠳᠤᠨ ᠠᠶᠤᠬᠤ ᠪᠣᠯᠤᠯ᠎ᠠ

ᠪᠦᠮᠪᠦᠷᠴᠡᠭ᠌ ᠮᠢᠨᠢ ᠳᠠ ᠶᠠᠳᠠᠷᠠᠵᠤ ᠪᠠᠢ᠌ᠨᠠᠤ ︖

ᠬᠠᠷ᠎ᠠ ᠳᠡᠷᠢᠭᠦᠳᠡᠢ ᠭᠦᠮᠤᠨ ᠠᠷᠠᠤᠨ ᠴᠢᠨᠢ

ᠬᠠᠮᠤᠭ ᠰᠠᠢ᠌ᠬᠠᠨ ᠢ ᠴᠢᠨᠢ ᠮᠠᠯᠳᠠᠵᠤ ᠮᠠᠭᠠᠵᠢᠵᠤ

ᠬᠠᠷᠠᠩᠭ᠋ᠤᠢ ᠰᠦᠨᠢ ᠭᠡᠷᠡᠯᠳᠤ ᠡᠳᠦᠷ ᠭᠡᠰᠡᠨ ᠦᠭᠡᠶ

ᠬᠠᠮᠤᠵᠤ ᠬᠤᠭᠤᠰᠤᠯᠠᠭᠠᠤᠨ ᠪᠠᠢ᠌ᠬᠤ ᠳᠤ

ᠬᠠᠯᠴᠠᠭᠠᠢ ᠪᠣᠯᠤᠭᠰᠠᠨ ᠭᠡᠪᠠᠯᠢ ᠪᠠᠨ ᠳᠦᠭᠦᠷᠭᠡᠭᠦ ᠪᠠᠷ

ᠬᠠᠶᠠ ᠨᠢᠭᠡ ᠪᠠᠶ᠎ᠠ ᠪᠠᠨ ᠰᠢᠯᠡᠭᠡᠨ᠎ᠡ ᠦᠦ ︖

ᠡᠪᠦᠷ ᠲᠤ ᠴᠢᠨᠢ ᠬᠠᠮᠤᠷᠠᠭᠳᠠᠨ ᠣᠷᠤᠭᠰᠠᠨ ᠨᠢᠭᠦᠯ ᠦᠭᠡᠶ ᠰᠦᠨᠠᠰᠤ

ᠦᠨᠦᠴᠢᠷᠠᠯ᠂ ᠭᠠᠭᠴᠠᠭᠠᠷᠠᠳᠠᠯ᠂ ᠴᠢᠰᠤ ᠨᠢᠯᠪᠣᠰᠤ ᠶᠢ ᠦᠯᠡᠳᠡᠭᠡᠭᠡᠳ

ᠡᠪᠦᠯ ᠤᠨ ᠴᠠᠰᠤ ᠰᠢᠭ ᠬᠠᠯᠢᠵᠤ ᠣᠤᠠᠬᠤ ᠳᠤ

ᠦᠯᠡᠳᠡᠭ᠍ᠰᠡᠨ ᠬᠠᠯᠠᠭᠤᠨ ᠠᠮᠢ᠂ ᠬᠠᠨᠢ ᠰᠠᠳᠤᠨ ᠨᠡᠷ ᠴᠢᠨᠢ

ᠵᠢᠷᠦᠭᠡ ᠵᠢᠷᠦᠭᠡ ᠪᠠᠷ ᠶᠢᠡᠨ ᠲᠦᠰᠢᠯᠴᠠᠵᠤ ᠵᠤᠭᠰᠤᠭᠰᠠᠨ ᠴᠤ

ᠵᠤᠪᠠᠯᠠᠩ ᠤᠨ ᠬᠠᠰᠢᠭᠤᠨ ᠮᠦᠷᠦᠭᠡᠳᠦᠯ᠂ ᠣᠶᠠᠷᠠᠯᠠᠯ ᠶᠢᠡᠷ

ᠵᠡᠭᠦᠳᠤᠨ ᠳᠡᠭᠡᠨ ᠬᠡᠰᠭᠡᠷᠡᠵᠤ ᠵᠥᠭ᠌ ᠵᠥᠭ᠌ ᠲᠡᠭᠡᠨ ᠭᠤᠨᠢᠷᠠᠬᠠᠵᠤ ᠪᠠᠢ᠌ᠨ᠎ᠠ

ᠪᠦᠮᠪᠦᠷᠴᠡᠭ᠌ ᠮᠢᠨᠢ ᠳᠠ ᠥᠨᠡᠭᠡᠷ ᠶᠠᠳᠠᠷᠠᠵᠤ ᠪᠠᠢ᠌ᠨᠠᠤ ︖

ᠳᠠᠯᠠᠨ ᠳ᠋ᠦ᠋ᠩᠰᠢᠭᠤᠷ ᠭᠦᠷᠴᠤ ᠪᠠᠢ᠌ᠭ᠎ᠠ

ᠳᠠᠪᠤᠨ ᠮᠢᠩᠭ᠋ᠠᠨ ᠭᠠᠷᠤᠢ ᠦᠨᠳᠦᠰᠦᠳᠠᠨ᠂ ᠦᠷ᠎ᠡ ᠰᠠᠳᠤᠨ ᠶᠢᠡᠨ

ᠳᠠᠭᠠᠭᠠᠵᠤ ᠴᠢᠳᠠᠯ ᠦᠭᠡᠶ

ᠳᠠᠭᠢᠨ ᠳᠠᠭᠢᠨ ᠭᠠᠢ ᠪᠠᠷᠴᠢᠳ ᠳᠠᠯᠪᠢᠵᠤ

ᠳᠠ ᠮᠢᠨᠢ ᠭᠦᠭᠡᠷᠦᠭᠦᠢ ᠶᠠᠳᠠᠷᠠᠵᠤ ᠪᠠᠢ᠌ᠨᠠᠤ ︖



ᠵᠤᠬᠢᠶᠠᠭᠴᠢ ᠶᠢᠨ ᠬᠠᠶ‍ᠢᠭ᠄ ᠪᠠᠶᠠᠠᠠᠭᠤᠯ ᠤᠨ ᠮᠤᠩᠭ᠋ᠤᠯ ᠳᠸᠯᠸᠢᠰ

ᠵᠤᠬᠢᠶᠠᠭᠴᠢ᠄ ᠰᠠ᠊·ᠪᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ