ᠨᠡᠪᠲᠡᠷᠡᠨ ᠤᠷᠤᠬᠤ
ᠠᠷᠢᠭᠢᠨ ᠤ ᠭᠤᠮᠤᠳᠠᠯ

ᠰᠦ᠋ ᠶᠢ ᠢᠰᠭᠡᠭᠡᠵᠤ᠂ ᠡᠡᠮᠤ ᠪᠠᠷ ᠠᠭᠠᠵᠢᠭᠤᠯᠳᠠᠭ ᠡᠷᠭᠢᠮ ᠣᠪᠣᠭ ᠳᠠᠢ

ᠰᠦᠷᠡᠯ ᠢ ᠴᠢᠨᠠᠵᠤ᠂ ᠰᠦᠮᠤᠰᠤ ᠶᠢ ᠨᠢ ᠨᠡᠷᠡᠭ᠍ᠰᠡᠨ ᠡᠢ᠌ᠮᠤ ᠯᠠ ᠭᠠᠷᠤᠯ ᠲᠡᠶ᠂

ᠰᠥᠷᠡᠭᠡᠢ ᠬᠤᠪᠳᠤᠭ ᠱᠠᠨ ᠰᠢ ᠭᠠᠵᠠᠷ ᠤᠨ ᠲ᠋ᠤᠭᠤᠭᠠᠴᠢᠨ ᠨᠢ ᠳᠠᠭᠠᠷᠠᠪᠠᠯ

ᠰᠤᠬᠤᠯᠠᠬᠤ ᠴᠢᠳᠠᠯ ᠲᠡᠶ ᠭᠢᠮᠢ ᠶᠢᠨ ᠰᠢᠩᠭᠡᠨ ᠬᠤᠯᠢᠳᠠᠭ ᠴᠤ ᠠᠶᠤᠯ ᠲᠡᠶ᠃

ᠠᠨᠠᠪᠠᠤᠨ ᠳᠠᠯᠠᠢ ᠰᠢᠭ ᠮᠠᠯᠮᠠᠯᠵᠠᠵᠤ ᠢᠷᠡᠭᠡᠤᠨ ᠮᠤᠩᠭ᠋ᠤᠯ ᠢ ᠵᠢᠪᠪᠦᠭᠦᠯᠦᠭ᠍ᠰᠡᠨ

ᠠᠷᠢᠭᠢ ᠭᠡᠳᠡᠭ᠌ ᠴᠢᠨᠢ ᠮᠤᠩᠭ᠋ᠤᠯ ᠤᠨ ᠳᠤᠰᠬᠠᠢ ᠡᠷᠭᠡ ᠭᠡᠵᠤ ᠪᠣᠤ ᠯᠠ ᠪᠣᠳᠤ᠂

ᠠᠷᠤ ᠭᠠᠵᠠᠷ ᠡᠮᠦᠨ᠎ᠡ ᠣᠷᠤᠨ ᠶᠢᠡᠷ ᠠᠮᠰᠠᠳᠠᠭ ᠨᠢ ᠣᠯᠠᠨ ᠪᠣᠢ

ᠠᠰᠤᠷᠤ ᠡᠨᠡ ᠮᠠᠨ ᠤ ᠮᠤᠩᠭ᠋ᠤᠯ ᠰᠢᠭ ᠰᠢᠨᠦᠭ᠍ᠰᠡᠨ ᠨᠢ ᠴᠥᠭᠡᠨ᠃

ᠠᠯᠪᠢᠨ ᠴᠢᠦᠡᠭᠦᠷ ᠰᠢᠭ᠌ ᠮᠢᠡᠴᠦᠷᠡᠭᠦᠯᠵᠤ ᠳᠠᠯᠪᠢᠭᠠᠤᠨ ᠭᠦᠮᠤᠨ ᠢ ᠴᠢᠨᠢ ᠪᠠᠷᠠᠭᠳᠠᠭᠤᠯᠳᠠᠭ

ᠠᠷᠢᠭᠢ ᠭᠡᠳᠡᠭ᠌ ᠴᠢᠨᠢ ᠬᠠᠷ᠎ᠠ ᠣᠰᠤᠨ ᠤ ᠲᠦᠷᠦᠯ ᠭᠡᠵᠤ ᠪᠣᠤ ᠯᠠ ᠪᠠᠰᠤ᠂

ᠠᠯᠮᠠᠰ ᠶᠢᠡᠷ ᠪᠦᠳᠦᠭᠡᠭ᠍ᠰᠡᠨ ᠰᠠᠪᠠ ᠶᠢ ᠴᠤ ᠵᠢᠪᠠᠷᠡᠭᠦᠯᠳᠡᠭ᠌ ᠭᠠᠰᠢᠭᠤᠨ ᠣᠰᠤ ᠡ

ᠠᠷᠠᠰᠤ ᠪᠠᠷ ᠪᠦᠷᠢᠭ᠍ᠰᠡᠨ ᠬᠤᠳᠤᠭᠤᠳᠤ ᠭᠡᠳᠡᠰᠤ ᠴᠢᠨᠢ ᠶᠠᠭᠤ ᠯᠠ ᠪᠠᠢ᠌ᠬᠤᠪ︖

ᠠᠵᠢᠯ ᠤᠨ ᠬᠠᠷᠰᠢ ᠶᠢ ᠠᠷᠢᠭᠢ ᠥᠶᠡᠷᠯᠡᠭᠦᠯᠤᠨ  ᠭᠦᠯᠳᠦᠷᠢᠯ ᠡᠴᠡ ᠣᠷᠤᠰᠬᠠᠵᠤ

ᠠᠶᠤᠤᠯᠢᠬᠠᠢ ᠶᠢᠨ ᠪᠣᠳᠤᠯ ᠢ ᠬᠤᠠᠳᠠᠭ᠎ᠠ ᠮᠥᠷᠭᠦᠭᠦᠯᠤᠨ ᠰᠡᠨᠠᠭ᠎ᠠ ᠪᠠᠨ ᠰᠤᠯᠢᠯᠴᠠᠭᠰᠠᠨ

ᠠᠷᠢᠭᠢ ᠦᠭᠡᠶ ᠪᠣᠯ ᠠᠵᠢᠯ ᠪᠦᠳᠦᠭᠦ ᠥᠭᠡᠢ ᠴᠥᠪ ᠤᠨ ᠴᠠᠭ ᠡ

ᠥᠷᠳᠡᠭᠡᠨ ᠤ ᠬᠠᠵᠠᠭᠤᠳᠠᠭᠢ ᠶᠠᠩᠬᠠᠨ ᠰᠢᠭ ᠳᠠᠳᠠᠭᠠᠤᠨ ᠶᠠᠭ ᠳᠠᠯᠪᠢᠬᠤ ᠦᠭᠡᠶ᠃

ᠡᠮᠨᠢᠭ᠌ ᠤᠨ ᠨᠢᠷᠤᠭᠤᠨ ᠳᠤ ᠬᠠᠳᠠ ᠰᠢᠭ ᠰᠥᠡᠳᠡᠷᠯᠡᠭ᠍ᠰᠡᠨ ᠥᠭᠡᠳᠡᠢ ᠬᠠᠭᠠᠨ

ᠡᠷᠯᠢᠭ᠌ ᠤᠨ ᠡᠭᠦᠳᠡ ᠶᠢ ᠠᠷᠢᠭᠢᠨ ᠤ ᠬᠠᠯᠠᠭᠤᠨ ᠶᠢᠡᠷ ᠡ᠊ᠨᠳᠡᠭᠦᠤ ᠳᠤᠭᠰᠢᠭᠰᠠᠨ ᠶᠤᠮ᠂

ᠡᠵᠡᠨ ᠴᠢᠩᠭᠢᠰ ᠤᠨ ᠰᠠᠷ᠎ᠠ ᠶᠢᠨ ᠭᠤᠷᠪᠠᠠᠳᠠ ᠵᠢᠨ ᠴᠢᠩᠭ᠋᠎ᠠ ᠴᠡᠭᠡᠷ ᠪᠣᠢ

ᠡᠳᠦᠭᠡ ᠪᠢ ᠴᠢᠨᠢ ᠬᠤᠨᠤᠭ ᠤᠨ ᠭᠤᠷᠪᠠᠠᠳᠠ ᠪᠠᠷ ᠴᠢᠨᠤᠷᠠᠵᠤ ᠶᠠᠪᠣᠵᠠᠢ᠃

ᠰᠢᠷᠡᠭᠡᠨ ᠳᠡᠭᠡᠷ᠎ᠡ ᠬᠤᠭᠤᠰᠤᠨ ᠯᠤᠩᠬᠤ ᠰᠤᠯᠳᠠᠢ᠌ᠨ ᠠᠩᠭ᠋ᠠᠯᠵᠠᠨ᠎ᠠ᠂

ᠰᠢᠩᠭᠡᠭ᠌ ᠦᠨᠦᠷ ᠲᠡᠭᠡᠨ ᠦᠪᠡᠷ ᠶᠢᠡᠨ ᠴᠤ ᠵᠢᠭ᠍ᠰᠢᠵᠤ ᠰᠤᠴᠢᠵᠤ ᠰᠠᠷᠢᠪᠠ᠂

ᠰᠡᠢ᠌ᠮᠡᠭᠡᠷ ᠳᠠᠷᠤᠭ᠎ᠠ ᠶᠢ ᠣᠰᠤᠨ ᠳᠤ ᠷᠠᠰᠢᠶᠠᠯᠠᠭᠤᠯᠤᠭᠰᠠᠨ ᠶᠢᠡᠨ ᠯᠠ ᠴᠡᠭᠡᠵᠢᠯᠡᠵᠤ ᠪᠠᠢ᠌ᠨ᠎ᠠ᠂

ᠰᠡᠢ᠌ᠮᠡᠭᠡᠢ ᠭᠦᠡᠵᠢᠯᠡ ᠳᠡᠭᠡᠨ ᠭᠡᠵᠢᠶ᠎ᠡ ᠰᠢᠷᠭᠤᠭᠰᠠᠨ ᠶᠢᠡᠨ ᠳᠠᠰᠤ ᠮᠠᠷᠳᠠᠵᠠᠢ᠃

ᠣᠯᠠ ᠪᠠᠨ ᠪᠠᠷᠠᠳᠠᠯ᠎ᠠ ᠭᠦᠶ‍ᠦᠭᠡᠤᠨ ᠪᠦᠳᠦᠭ᠍ᠰᠡᠨ ᠦᠭᠡᠶ ᠣᠴᠢᠷ

ᠣᠳᠠᠰᠤ ᠨᠢᠭᠡ ᠴᠤᠭᠢᠭᠠᠤᠨ ᠯᠠ ᠪᠦᠳᠦᠭᠡᠳᠡᠭ᠌ ᠠᠷᠢᠭᠢ ᠭᠡᠳᠡᠭ᠌ ᠴᠤ ᠠᠶᠤᠮᠠᠷ ᠡ᠂

ᠣᠳᠤᠮ ᠰᠠᠢ᠌ᠳᠠᠢ ᠮᠤᠩᠭ᠋ᠤᠯ ᠠᠢ᠌ᠯ ᠤᠨ ᠭᠦᠤ ᠪᠠᠢ᠌ᠵᠤ

ᠣᠯᠠᠭᠠᠨ ᠳᠤᠭᠤᠰᠤᠨ ᠳᠤ ᠊ᠭ᠍‍ᠬᠢᠷ ᠦᠭᠡᠶ ᠶᠠᠪᠣᠬᠤ ᠶᠢ ᠯᠠ ᠰᠠᠨᠠᠭᠰᠠᠨ᠃

ᠠᠷᠢᠭᠢ ᠰᠢᠩᠭᠡᠵᠤ ᠳᠠᠷᠢᠭᠢ ᠰᠡᠷᠭᠦᠭ᠍ᠰᠡᠨ ᠡᠨᠡ ᠴᠠᠭ ᠳᠠᠭᠠᠨ

ᠣᠢ᠌ᠯᠠ ᠪᠠ ᠭᠤᠮᠤᠳᠠᠯ ᠶᠢᠡᠨ ᠡ᠊ᠨᠳᠡ ᠳᠤᠭᠤᠢ ᠳᠤᠭᠠᠴᠢᠵᠤ ᠪᠣᠢ

ᠥᠵᠡᠭᠦ ᠮᠡᠷᠭᠡᠤᠨ ᠰᠢᠭᠦᠭᠦ ᠠᠬᠠᠮᠠᠤᠨ ᠳᠠ ᠣᠯᠠᠨ ᠳᠠᠭᠠᠨ

ᠠᠷᠭ᠎ᠠ ᠲᠡᠶ ᠯᠠ ᠪᠣᠯ ᠠᠳᠠᠭ ᠤᠨ ᠮᠠᠭᠤ ᠰᠤᠪᠰᠤ ᠡᠴᠡ ᠬᠤᠯᠠ ᠪᠠᠢ ᠭᠡᠵᠤ ᠰᠠᠨᠠᠭᠤᠯᠤᠶ᠎ᠠ᠃


2008/11/29 ᠪᠣᠭᠤᠳᠤ

ᠵᠤᠬᠢᠶᠠᠭᠴᠢ᠄ ᠠᠮᠤᠷ
ᠢᠷᠡᠯᠲᠡ᠄ (ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ)
ᠬᠠᠷᠢᠶ᠎ᠠ᠄ ᠰᠢᠯᠦᠭ
ᠳᠠᠷᠤᠮ᠄ 3427
ᠴᠠᠭ᠄ 2008 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ