☆ ᠳ᠋·ᠪᠠᠶᠠᠠᠪᠠᠳᠠᠷᠠᠬᠤ
ᠠᠮᠠᠷᠠᠭ ᠭᠦᠮᠤᠨ ᠤ ᠪᠠᠨ ᠨᠢᠯᠪᠣᠰᠤ ᠪᠠᠷ ᠬᠠᠢ᠌ᠷ᠎ᠠ ᠪᠠᠨ ᠣᠰᠤᠯᠠᠬᠤ ᠥᠭᠡᠢ
ᠵᠢᠭᠡᠭᠦᠨ ᠰᠦᠨᠢ ᠶᠢᠨ ᠭᠦᠨ ᠳᠤ ᠭᠤᠳᠤᠯᠢ ᠳᠠᠮᠠᠭᠢ ᠪᠠᠷ ᠬᠠᠨᠢᠰᠤᠨ
ᠵᠢᠪᠠᠷᠯᠠᠬᠤ ᠳᠡᠭ᠍ᠷᠢ ᠶᠢᠨ ᠭᠦᠢᠳᠡᠨ ᠠᠭᠠᠰᠢᠨ ᠳᠤ ᠳᠠᠭᠵᠢᠨ ᠰᠠᠭᠤᠬᠤ ᠳ᠋ᠠᠭᠠᠨ
ᠵᠢᠭᠠᠬᠠᠨ ᠠᠮᠠᠷᠠᠭ ᠴᠢᠨᠤ ᠭᠢ ᠪᠠᠨ ᠠᠯᠠᠭ ᠨᠢᠳᠤᠨ ᠡᠴᠡ ᠪᠦᠮᠪᠦᠷᠢᠭ᠍ᠰᠡᠨ
ᠵᠢᠷᠭᠠᠯ ᠤᠨ ᠪᠢᠰᠢ ᠨᠢᠯᠪᠣᠰᠤ ᠪᠠᠷ ᠬᠠᠢ᠌ᠷ᠎ᠠ ᠪᠠᠨ ᠪᠢ ᠣᠰᠤᠯᠠᠬᠤ ᠥᠭᠡᠢ
ᠡᠪᠦᠯ ᠤᠨ ᠴᠠᠰᠤ ᠴᠤᠩᠬᠤᠨ ᠴᠠᠭᠠᠨ᠎ᠠ ᠬᠦᠩᠭᠡᠨ ᠬᠠᠶᠠᠯᠠᠬᠤ ᠶᠢᠨ ᠊ᠭ᠍ᠱᠡᠨ
ᠡᠯᠢᠭᠡ ᠵᠢᠷᠦᠭᠡ ᠪᠠᠷ ᠨᠢᠭᠡᠨ ᠭᠦᠮᠤᠨ ᠢ ᠰᠠᠨᠠᠵᠤ ᠡᠮᠵᠡᠭᠯᠡᠭᠦ ᠳ᠋ᠡᠭᠡᠨ
ᠡᠩᠭᠦᠷᠡᠢ ᠨᠢᠭᠤᠴᠠᠬᠠᠨ ᠦᠬᠢᠨ ᠤ ᠪᠠᠨ ᠦᠨᠡᠨ ᠰᠡᠳᠭᠢᠯ ᠡᠴᠡ ᠳᠤᠰᠤᠯᠠᠭᠰᠠᠨ
ᠡᠷᠭᠡ ᠳᠠᠷᠬᠠᠨ ᠨᠢᠯᠪᠣᠰᠤ ᠪᠠᠷ ᠰᠡᠳᠭᠢᠯ ᠶᠢᠡᠨ ᠪᠢ ᠳᠡᠪᠳᠦᠭᠡᠭᠦ ᠥᠭᠡᠢ
ᠦᠨᠡᠨ ᠬᠤᠳᠠᠯ ᠤᠨ ᠣᠷᠴᠢᠯᠠᠩ ᠳᠡᠭᠡᠷ᠎ᠡ ᠥᠯᠢᠭᠡᠷ ᠵᠢᠷᠤᠭ ᠰᠢᠭ ᠠᠮᠢᠳᠤᠷᠠᠬᠤ ᠨᠠᠰᠤ
ᠦᠶᠡᠰ ᠭᠡᠰᠡᠭ᠌ ᠥᠭᠡᠢ᠌ᠯᠡᠨ ᠰᠠᠨᠠᠬᠤ ᠭᠡᠴᠡᠭᠦᠭᠡᠨ ᠳᠤᠷᠠᠯᠠᠯ ᠶᠢᠡᠷ ᠰᠢᠳᠠᠬᠤ ᠳ᠋ᠠᠭᠠᠨ
ᠦᠷᠦ ᠵᠢᠷᠦᠭᠡᠨ ᠤ ᠮᠢᠨᠢ ᠬᠠᠳᠤᠨ ᠠᠮᠠᠷᠠᠭ ᠤᠨ ᠥᠭᠡᠨ ᠡᠴᠡ ᠭᠡᠯᠭᠢᠶᠡᠷᠡᠭ᠍ᠰᠡᠨ
ᠥᠨᠡᠡᠴᠢᠭᠡᠨ ᠬᠠᠯᠠᠭᠤᠨ ᠨᠢᠯᠪᠣᠰᠤ ᠪᠠᠷ ᠵᠢᠷᠦᠭᠡ ᠪᠠᠨ ᠪᠢ ᠨᠤᠷᠭᠠᠬᠤ ᠥᠭᠡᠢ
ᠠᠯᠢᠶᠠᠯᠠᠨ ᠳᠤᠭᠯᠠᠬᠤ ᠣᠶᠠᠩᠭ᠋ᠠᠨ ᠳᠠᠭᠤᠨ ᠤ ᠮᠥᠩᠭᠦᠨ ᠰᠢᠵᠢᠮ ᠢ ᠳᠠᠭᠠᠨ
ᠠᠮᠠᠷᠠᠭᠯᠠᠨ ᠬᠠᠨᠢᠯᠠᠵᠤ ᠬᠤᠭᠤᠷ ᠤᠨ ᠬᠤᠶᠠᠷ ᠣᠳᠠᠰᠤᠨ ᠰᠢᠭ ᠠᠮᠢᠳᠤᠷᠠᠬᠤ ᠳ᠋ᠠᠭᠠᠨ
ᠠᠮᠢᠨ ᠭᠤᠤᠯ ᠤᠨ ᠪᠣᠷᠤᠭ᠎ᠠ ᠰᠢᠭ ᠬᠤᠪᠳᠤᠯ ᠪᠣᠳᠤᠯ ᠥᠶᠡᠷᠯᠡᠭᠦᠯᠭᠦ
ᠠᠮᠠᠷᠠᠭ ᠭᠦᠮᠤᠨ ᠤ ᠪᠠᠨ ᠨᠢᠯᠪᠣᠰᠤ ᠪᠠᠷ ᠬᠠᠴᠠᠷ ᠶᠢᠡᠨ ᠪᠢ ᠣᠭᠢᠶᠠᠬᠤ ᠥᠭᠡᠢ
2010 . 1 . 24 ᠰᠢᠨ᠎ᠡ ᠪᠠᠯᠭᠠᠰᠤᠨ ᠳ᠋ᠤ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠳ᠋·ᠪᠠᠶᠠᠠᠪᠠᠳᠠᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2010 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ