☆ ᠭᠠᠯ
ᠳᠡᠭ᠍ᠷᠢ ᠶᠢᠨ ᠨᠢᠳᠤ
ᠳᠡᠭ᠍ᠷᠢ ᠶᠢᠨ ᠨᠢᠳᠤ ᠭᠠᠵᠠᠷ ᠲᠠᠭᠠᠨ ᠣᠭᠢᠯᠠᠪᠠ
ᠳᠡᠷᠳᠡᠭᠡ ᠠᠯᠤᠰ ᠣᠳᠤᠳ ᠶᠢᠡᠨ ᠬᠠᠷᠠᠵᠤ
ᠳᠡᠰᠭᠡᠯ ᠦᠭᠡᠶ ᠮᠠᠯᠮᠠᠷᠠᠳᠠᠯᠠ ᠣᠭᠢᠯᠠᠪᠠ
ᠭᠠᠷ ᠲᠠᠭᠠᠨ ᠴᠢᠯᠠᠭᠤ ᠲᠡᠶ ᠭᠦᠮᠦᠰ ᠤᠨ ᠠᠯᠠᠭᠠᠨ ᠳᠤ
ᠭᠠᠳᠠ ᠮᠠᠢ᠌ᠷᠠᠨ ᠰᠢᠭ ᠶᠢᠡᠨ ᠰᠢᠳᠠᠵᠤ ᠣᠭᠢᠯᠠᠪᠠ
ᠳᠡᠭ᠍ᠷᠢ ᠳᠡᠭᠡᠨ ᠦᠭᠡᠶ ᠣᠳᠤᠳ ᠤᠨ ᠳᠠᠯᠠᠢ ᠳᠤ
ᠳᠠᠮᠤᠵᠢᠨ ᠨᠠᠷᠠ ᠪᠠᠨ ᠳᠡᠮᠳᠡᠷᠢᠭ᠍ᠰᠡᠭᠡᠷ ᠣᠭᠢᠯᠠᠪᠠ
ᠳᠡᠭ᠍ᠷᠢ ᠶᠢᠨ ᠨᠢᠳᠤ ᠭᠠᠵᠠᠷ ᠲᠠᠭᠠᠨ ᠣᠭᠢᠯᠠᠪᠠ
ᠳᠠᠰ ᠬᠠᠯᠢᠭᠰᠠᠨ ᠠᠭᠤᠯᠠᠰ ᠪᠠᠨ ᠮᠠᠷᠳᠠᠩᠬᠠᠨ
ᠳᠠᠯ᠎ᠠ ᠰᠥᠷᠦᠭ᠌ ᠶᠢᠡᠨ ᠥᠭᠡᠢ᠌ᠯᠡᠭ᠍ᠰᠡᠭᠡᠷ ᠣᠭᠢᠯᠠᠪᠠ
ᠳᠠᠪᠤᠨ ᠳᠠᠷᠢᠶ᠎ᠠ ᠪᠠᠷ ᠬᠠᠯᠢᠭᠤᠷᠠᠳᠠᠯᠠ ᠣᠭᠢᠯᠠᠪᠠ
ᠡᠯᠡᠰᠤᠨ ᠴᠦᠯ ᠵᠥᠭ᠌ ᠡᠷᠳᠡ ᠳᠠᠴᠢᠭᠢᠨᠠᠬᠤ
ᠡᠯᠢᠭᠡ ᠣᠷᠤᠭᠤ ᠠᠠᠵᠢᠰᠤ ᠪᠠᠷ ᠣᠭᠢᠯᠠᠪᠠ
ᠳᠡᠭ᠍ᠷᠢ ᠶᠢᠨ ᠨᠢᠳᠤ ᠳᠡᠭ᠍ᠷᠢ ᠳᠡᠭᠡᠨ ᠣᠭᠢᠯᠠᠪᠠ
ᠳᠡᠵᠢᠭᠡᠭ᠍ᠰᠡᠨ ᠠᠴᠢ ᠶᠢ ᠰᠠᠨᠠᠭᠠᠯᠵᠠᠨ
ᠳᠡᠷᠭᠡᠨ ᠳᠡᠭᠡᠷ᠎ᠡ ᠪᠠᠨ ᠰᠠᠵᠢᠭᠳᠠᠵᠤ ᠣᠭᠢᠯᠠᠪᠠ
ᠳᠠᠪᠠᠷᠢ ᠪᠠᠭᠳᠠᠮ᠎ᠠ ᠠᠮᠢᠳᠤᠷᠠᠯ ᠤᠨ ᠣᠶᠠᠭᠠᠨ ᠳᠤ
ᠳᠡᠦᠭᠡ ᠦᠨᠡᠨ ᠢ ᠬᠤᠭᠵᠢᠷᠠᠳᠠᠯᠠ ᠣᠭᠢᠯᠠᠪᠠ
ᠳᠡᠭ᠍ᠷᠢ ᠶᠢᠨ ᠨᠢᠳᠤ ᠳᠡᠭ᠍ᠷᠢ ᠳᠡᠭᠡᠨ ᠣᠭᠢᠯᠠᠪᠠ
ᠳᠡᠮᠡᠭᠡᠨ ᠳᠡᠭᠡᠷ᠎ᠡ ᠪᠠᠨ ᠠᠴᠢᠭᠳᠠᠵᠤ ᠣᠭᠢᠯᠠᠪᠠ
ᠳᠠᠪᠠᠷᠢ ᠳᠤ ᠨᠢ ᠣᠷᠭᠤᠬᠤ ᠦᠭᠡᠶ ᠮᠥᠩᠭᠡ ᠶᠢᠨ ᠨᠢᠳᠤ ᠶᠢ
ᠲᠦᠮᠡᠨ ᠠᠷᠠᠤᠨ ᠲᠠᠭᠠᠨ ᠳᠤᠰᠢᠶᠠᠵᠤ ᠣᠭᠢᠯᠠᠪᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ