☆ ᠮᠥᠩᠭᠡᠳᠡᠯᠡᠢ
ᠮᠠᠯᠴᠢᠨ ᠵᠠᠯᠠᠭᠤ
ᠴᠡᠯᠡᠭᠡᠷᠡᠨ ᠣᠷᠤᠰᠬᠤ ᠬᠠᠢ᠌ᠳᠠᠭ ᠤᠨ ᠭᠤᠤᠯ ᠳ᠋ᠤᠨᠢ
ᠮᠦᠩᠭᠦᠨ ᠰᠠᠷᠠᠨ ᠨᠢ ᠳᠤᠨᠤᠷᠠᠭᠰᠠᠨ
ᠮᠠᠩᠬᠠᠨ ᠨᠢᠷᠤᠭᠤᠨ ᠤ ᠡᠩᠭᠡᠷ ᠳᠤ
ᠮᠤᠩᠭ᠋ᠤᠯ ᠭᠡᠷ ᠤᠳ ᠢᠷᠠᠯᠵᠠᠭᠰᠠᠨ
ᠨᠠᠮᠤᠷ ᠰᠦᠨᠢ ᠶᠢᠨ ᠭᠦᠨ ᠳᠤ
ᠨᠠᠵᠠᠭᠠᠢ ᠰᠢᠯᠦᠭ᠌ ᠲᠤ ᠪᠠᠨ ᠰᠤᠭᠳᠤᠭᠤᠷᠠᠭᠰᠠᠨ
ᠪᠠᠶᠠᠠᠪᠣᠯᠠᠭ ᠭᠠᠵᠠᠷ ᠤᠨ ᠮᠠᠯᠴᠢᠨ ᠵᠠᠯᠠᠭᠤ
ᠬᠠᠯᠭᠢᠯᠠᠨ ᠣᠷᠤᠰᠬᠤ ᠬᠠᠢ᠌ᠳᠠᠭ ᠤᠨ ᠭᠤᠤᠯ ᠳ᠋ᠤᠨᠢ
ᠭᠡᠯᠪᠠᠭ᠌ ᠰᠠᠷᠠᠨ ᠨᠢ ᠬᠤᠨᠤᠭᠯᠠᠭᠰᠠᠨ
ᠨᠦᠮᠦᠷᠢ ᠠᠭᠤᠯᠠᠨ ᠤ ᠡᠪᠦᠷ ᠳᠤ
ᠪᠦᠮᠪᠦᠭᠡᠨ ᠭᠡᠷ ᠨᠢ ᠴᠠᠢ᠌ᠯᠵᠠᠭᠰᠠᠨ
ᠰᠡᠷᠡᠭᠦᠨ ᠨᠠᠮᠤᠷ ᠤᠨ ᠰᠦᠨᠢ
ᠰᠡᠳᠭᠢᠭᠦ ᠰᠢᠯᠦᠭ᠌ ᠲᠤ ᠪᠠᠨ ᠮᠠᠩᠰᠢᠭᠤᠷᠠᠭᠰᠠᠨ
ᠮᠠᠯᠴᠢᠨ ᠭᠠᠵᠠᠷ ᠤᠨ ᠰᠢᠯᠦᠭ᠍ᠴᠢ ᠵᠠᠯᠠᠭᠤ
ᠬᠤᠠᠳᠤ ᠨᠠᠭᠤᠷ ᠤᠨ ᠳᠤᠳᠤᠷ᠎ᠠ ᠨᠢ
ᠳᠤᠩᠭ᠋ᠠᠯᠠᠭ ᠰᠠᠷᠠᠨ ᠭᠡᠷᠡᠯᠳᠦᠭ᠍ᠰᠡᠨ
ᠳᠡᠭ᠍ᠷᠢ ᠠᠭᠤᠯᠠ ᠶᠢᠨ ᠬᠤᠷᠮᠤᠢ ᠳ᠋ᠤ
ᠪᠣᠮᠠᠨ ᠭᠡᠷ ᠤᠳ ᠵᠢᠭ᠍ᠳᠡᠷᠡᠭ᠍ᠰᠡᠨ
ᠪᠣᠶᠠᠠᠳᠤ ᠣᠷᠤᠨ ᠤ ᠨᠠᠮᠤᠷ ᠤᠨ ᠰᠦᠨᠢ
ᠪᠣᠳᠤᠯ ᠤᠨ ᠰᠢᠯᠦᠭ᠌ ᠶᠢᠡᠨ ᠣᠶᠠᠩᠭ᠋ᠠᠯᠠᠭᠰᠠᠨ
ᠮᠠᠯᠴᠢᠬᠤ ᠣᠷᠤᠨ ᠤ ᠰᠢᠯᠦᠭ᠍ᠴᠢ ᠮᠠᠯᠴᠢᠨ ᠵᠠᠯᠠᠭᠤ
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠪᠠᠶᠠᠠᠭᠤᠤᠯ ᠡᡁᠸᠵᠢᠩ ᠰᠢᠶᠠᠨ ᠤ ᠪᠠᠶᠠᠠᠭᠤᠤᠯ ᠰᠤᠮᠤᠨ ᠤ ᠮᠠᠯ ᠡᠮᠴᠢ ᠶᠢᠨ ᠦᠷᠳᠡᠭᠡᠨ
ᠵᠤᠬᠢᠶᠠᠭᠴᠢ᠄ ᠮᠥᠩᠭᠡᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ