☆ ᠠᠰᠬ᠎ᠠ ᠶᠢᠨ ᠣᠰᠤ
ᠰᠤᠷᠭᠠᠭᠤᠯᠢ ᠊᠊᠊᠊᠊᠊᠊᠊᠊᠊᠊᠊᠊᠊᠊ ᠰᠤᠶᠤᠯ ᠤᠨ ᠳᠠᠷᠬᠠᠨ ᠥᠯᠦᠭᠡᠢ
ᠰᠤᠷᠭᠠᠭᠤᠯᠢ ᠭᠡᠵᠤ ᠰᠤᠶᠤᠯ ᠤᠨ ᠳᠠᠷᠬᠠᠨ ᠥᠯᠦᠭᠡᠢ
ᠰᠤᠶᠤᠯᠵᠢᠨᠠ ᠭᠡᠵᠤ ᠮᠡᠷᠡᠢ᠌ᠳᠡᠭ᠌ ᠰᠤᠷᠤᠭᠴᠢᠳ ᠵᠢᠠᠨ
ᠰᠢᠷᠭᠠᠭᠤ ᠰᠤᠷᠭᠠᠨ ᠭᠦᠮᠦᠵᠢᠭᠦᠯᠭᠦ ᠪᠠᠷ ᠣᠮᠤᠭᠰᠢᠳᠠᠭ
ᠰᠤᠳᠤᠨ ᠪᠠᠭᠰᠢ ᠨᠡᠷ ᠤᠨ ᠠᠵᠢᠯ ᠤᠨ ᠪᠠᠢ᠌ᠷᠢ᠃
ᠰᠤᠷᠭᠠᠭᠤᠯᠢ ᠭᠡᠵᠤ ᠰᠤᠶᠤᠯ ᠤᠨ ᠥᠩᠰᠢᠭ᠌ ᠳᠠᠷᠢᠶ᠎ᠠ
ᠰᠤᠷᠤᠨ᠎ᠠ ᠭᠡᠵᠤ ᠴᠢᠷᠮᠠᠢ᠌ᠳᠠᠭ ᠰᠤᠷᠤᠭᠴᠢᠳ ᠳᠠᠭᠠᠨ
ᠣᠶᠤᠨ ᠤ ᠰᠢᠮ᠎ᠠ ᠭᠦᠷᠳᠡᠭᠡᠨ ᠪᠢᠯᠢᠭ᠍ᠵᠢᠭᠦᠯᠭᠦ ᠪᠠᠷ ᠵᠢᠷᠭᠠᠳᠠᠭ
ᠣᠢ᠌ᠭ᠎ᠠ ᠦᠭᠡᠶ ᠭᠦᠳᠡᠯᠮᠦᠷᠢᠴᠢ ᠪᠠᠭᠰᠢ ᠨᠡᠷ ᠤᠨ ᠣᠢ᠌ᠯᠠᠰ ᠤᠨ ᠳᠠᠪᠴᠠᠩ᠃
ᠰᠤᠷᠭᠠᠭᠤᠯᠢ ᠭᠡᠵᠤ ᠭᠦᠮᠦᠵᠢᠯ ᠤᠨ ᠠᠷᠢᠭᠤᠨ ᠣᠷᠤᠨ
ᠭᠦᠮᠦᠵᠢᠨᠡ ᠭᠡᠵᠤ ᠮᠠᠬᠠᠷᠠᠳᠠᠭ ᠰᠤᠷᠤᠭᠴᠢᠳ ᠵᠢᠠᠨ
ᠭᠦᠰᠡᠯ ᠤᠨ ᠵᠢᠭᠦᠷ ᠣᠷᠭᠤᠭᠤᠯᠤᠨ ᠮᠤᠷᠠᠯᠵᠢᠭᠤᠯᠬᠤ ᠪᠠᠷ ᠪᠠᠶᠠᠰᠳᠠᠭ
ᠰᠤᠤ ᠪᠢᠯᠢᠭ᠍ᠳᠤ ᠠᠵᠢᠯᠰᠠᠭ ᠪᠠᠭᠰᠢ ᠨᠡᠷ ᠤᠨ ᠠᠶᠠᠨ ᠤ ᠭᠠᠠᠵᠤᠭ᠎ᠠ᠃
ᠰᠤᠶᠤᠯ ᠤᠨ ᠠᠩᠬᠠᠨ ᠤ ᠮᠦᠷ ᠢ ᠰᠤᠷᠭᠠᠭᠤᠯᠢ ᠡᠴᠡ ᠡᠭᠢᠯᠡᠵᠤ
ᠣᠬᠠᠭᠠᠨ ᠰᠠᠨᠠᠭᠠᠨ ᠤ ᠡᠭᠢ ᠪᠣᠯᠵᠤ ᠳᠤᠷᠠᠢ᠌ᠳᠠᠭ᠂
ᠰᠤᠶᠤᠯ ᠤᠨ ᠰᠢᠮᠠᠳᠤ ᠬᠤᠷ᠎ᠠ ᠶᠢ ᠰᠤᠷᠭᠠᠭᠤᠯᠢ ᠡᠴᠡ ᠣᠮᠳᠠᠯᠠᠵᠤ
ᠣᠶᠤᠨ ᠪᠢᠯᠢᠭ᠌ ᠤᠨ ᠪᠣᠯᠠᠭ ᠪᠣᠯᠵᠤ ᠣᠠᠳᠤᠷᠳᠠᠭ᠃
ᠢᠷᠠᠭᠤ ᠳᠤᠳᠤ ᠡᠭᠡ ᠭᠡᠯᠡᠨ ᠤ ᠣᠩᠰᠢᠯᠭ᠎ᠠ
ᠰᠤᠷᠭᠠᠭᠤᠯᠢ ᠶᠢᠨ ᠭᠦᠷᠢᠶᠡᠨ ᠡᠴᠡ ᠡᠭᠡᠰᠢᠭᠯᠡᠨ ᠳᠠᠭᠤᠷᠢᠰᠤᠨ᠎ᠠ᠂
ᠶᠢᠷᠳᠢᠠᠴᠤ ᠶᠢ ᠳᠠᠨᠢᠬᠤ ᠪᠢᠯᠢᠭ᠌ ᠤᠨ ᠨᠢᠳᠤ
ᠰᠤᠷᠭᠠᠭᠤᠯᠢ ᠶᠢᠨ ᠭᠦᠮᠦᠵᠢᠯ ᠡᠴᠡ ᠳᠤᠩᠭ᠋ᠠᠯᠠᠭᠵᠢᠨ ᠳᠤᠨᠤᠷᠠᠨ᠎ᠠ᠃
ᠡᠭᠡ ᠳᠡᠯᠡᠭᠡᠢ ᠶᠢᠨ ᠨᠢᠭᠤᠴᠠ ᠶᠢ ᠬᠠᠢ᠌ᠬᠤ ᠡᠷᠳᠡᠮ ᠮᠡᠷᠭᠡᠵᠢᠯ ᠢ
ᠳᠦᠷᠤᠯᠭᠢ ᠭᠡᠯᠡ ᠪᠠᠷ ᠶᠢᠡᠨ ᠪᠠᠭᠰᠢ ᠨᠡᠷ ᠣᠯᠠᠮᠵᠢᠯᠠᠨ᠎ᠠ᠂
ᠡᠷᠡᠯᠭᠡᠭ᠌ ᠦᠨᠳᠦᠰᠦᠳᠠᠨ ᠶᠢᠡᠨ ᠭᠦᠭ᠍ᠵᠢᠭᠦᠯᠤᠨ ᠮᠠᠠᠳᠤᠭᠤᠯᠬᠤ ᠳᠡᠦᠭᠡᠳᠤ ᠬᠠᠷᠢᠭᠤᠴᠠᠯᠭ᠎ᠠ ᠵᠢ
ᠳᠠᠷᠬᠠᠨ ᠰᠤᠷᠭᠠᠭᠤᠯᠢ ᠳᠠᠭᠠᠨ ᠪᠠᠭᠰᠢ ᠨᠡᠷ ᠳᠠᠭᠠᠭᠠᠯᠭᠠᠨ᠎ᠠ᠃
ᠭᠦᠮᠤᠨ ᠤ ᠶᠢᠷᠳᠢᠠᠴᠤ ᠳᠤ ᠭᠦᠯ ᠳᠠᠯᠪᠢᠬᠤ ᠣᠬᠠᠭᠠᠨ ᠢ
ᠭᠦᠰᠡᠯ ᠤᠨ ᠢᠷᠡᠭᠡᠳᠦᠢ ᠲᠡᠶ ᠰᠤᠷᠭᠠᠭᠤᠯᠢ ᠡᠴᠡ ᠡᠪᠦᠷᠯᠡᠨ᠎ᠡ᠂
ᠭᠦᠷᠦᠰᠦᠳᠤ ᠳᠡᠯᠡᠭᠡᠢ ᠳᠤ ᠠᠵᠤ ᠳᠦᠷᠦᠭᠦ ᠠᠷᠭ᠎ᠠ ᠵᠢ
ᠭᠦᠰᠡᠯ ᠤᠨ ᠨᠠᠷᠠ ᠲᠡᠶ ᠰᠤᠷᠭᠠᠭᠤᠯᠢ ᠡᠴᠡ ᠳᠡᠭᠡᠵᠢᠯᠡᠨᠡ᠃
ᠡᠷᠡᠨ ᠵᠠᠭᠤᠨ ᠢ ᠴᠤᠭᠴᠠᠯᠠᠬᠤ ᠴᠢᠳᠠᠪᠣᠷᠢᠳᠠᠨ ᠢ
ᠡᠭᠡ ᠰᠤᠷᠭᠠᠭᠤᠯᠢ ᠨᠢ ᠳᠤᠮᠤᠭᠠᠵᠢᠭᠤᠯᠤᠨ ᠪᠣᠢ᠌ᠵᠢᠭᠤᠯᠤᠨᠠ᠂
ᠡᠷᠡᠭᠦᠯ ᠳᠤᠷᠨᠢᠬᠤ ᠦᠨᠳᠦᠰᠦᠳᠠᠨ ᠤ ᠬᠣᠢ᠌ᠴᠢᠰ
ᠡᠭᠡ ᠰᠤᠷᠭᠠᠭᠤᠯᠢ ᠪᠠᠨ ᠴᠡᠴᠡᠭᠡᠢ ᠰᠢᠭ᠌ ᠬᠠᠢ᠌ᠷᠠᠯᠠᠨ᠎ᠠ᠃
ᠰᠤᠷᠭᠠᠭᠤᠯᠢ ᠭᠡᠵᠤ ᠰᠤᠶᠤᠯ ᠤᠨ ᠳᠠᠷᠬᠠᠨ ᠥᠯᠦᠭᠡᠢ
ᠰᠤᠷᠭᠠᠭᠤᠯᠢ ᠭᠡᠵᠤ ᠰᠤᠶᠤᠯ ᠤᠨ ᠥᠩᠰᠢᠭ᠌ ᠳᠠᠷᠢᠶ᠎ᠠ
ᠰᠤᠷᠭᠠᠭᠤᠯᠢ ᠭᠡᠵᠤ ᠭᠦᠮᠦᠵᠢᠯ ᠤᠨ ᠠᠷᠢᠭᠤᠨ ᠣᠷᠤᠨ
ᠰᠤᠷᠭᠠᠭᠤᠯᠢ ᠭᠡᠵᠤ ᠭᠦᠰᠡᠯ ᠤᠨ ᠳᠠᠷᠪᠠᠭᠤᠯᠳᠤ ᠣᠩᠭ᠋ᠤᠴᠠ︕
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ
ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2940
ᠴᠠᠭ᠄ 2011 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ