☆ ᠭᠦᠷᠵᠡᠪ
ᠢ᠊·ᠡᠷᠳᠡᠮᠳᠤ ᠪᠣᠶᠤ ᠳᠡᠭᠦᠨ ᠤ 《ᠣᠯᠠᠷᠢᠯ ᠤᠨ ᠭᠤᠷᠪᠠᠨ ᠥᠩᠭᠡ》
ᠣᠷᠴᠢᠮ ᠳᠤ ᠪᠢ᠂ ᠬᠤᠪᠢ ᠶᠢᠨ ᠣᠴᠢᠷ ᠶᠢᠡᠷ ᠵᠡᠭᠦᠨ ᠦᠵᠦᠮᠤᠴᠢᠨ ᠳᠤ ᠭᠦᠷᠴᠤ᠂ ᠢ᠊·ᠡᠷᠳᠡᠮᠳᠤ ᠭᠤᠸᠠᠢ ᠲᠡᠶ ᠠᠭᠤᠯᠵᠠᠭᠰᠠᠨ ᠳᠤ᠂ ᠳᠠᠷᠠ ᠮᠠᠨᠢ᠄ 《ᠵᠠ᠂ ᠨᠠᠢ᠌ᠵᠠ ᠲᠡᠶ ᠪᠠᠨ ᠠᠭᠤᠯᠴᠠᠭᠰᠠᠨ ᠦᠭᠡᠶ ᠣᠳᠠᠯ᠎ᠠ᠃ ᠡᠨᠡ ᠣᠳᠠᠭ᠎ᠠ ᠶᠢᠨ ᠠᠭᠤᠯᠵᠠᠭᠰᠠᠨ ᠳᠠᠭᠠᠨ᠂ ᠨᠤᠮ ᠡᠴᠡ ᠪᠠᠨ ᠦᠭᠭᠦᠶ᠎ᠡ》 ᠭᠡᠳ᠂ ᠦᠪᠡᠷ ᠤᠨ ᠵᠢᠯ ᠬᠠᠭᠠᠰ ᠤᠨ ᠡᠮᠤᠨ᠎ᠡ ᠊᠊᠊᠊᠊᠊᠊᠊᠊᠊᠊᠊᠊᠊᠊ 2009 ᠣᠨ ᠤ 8 ᠳ᠋ᠤᠭᠠᠷ ᠰᠠᠷ᠎ᠠ ᠳᠤ᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠦᠭ᠍ᠰᠡᠨ 《ᠣᠯᠠᠷᠢᠯ ᠤᠨ ᠭᠤᠷᠪᠠᠨ ᠥᠩᠭᠡ》 ᠭᠡᠭᠦ ᠢᠷᠠᠭᠤ ᠨᠠᠢ᠌ᠷᠠᠭ ᠤᠨ ᠳᠡᠭᠦᠪᠦᠷᠢ ᠪᠠᠨ ᠭᠦᠷᠭᠡᠵᠤ ᠪᠢᠯᠠ︕
ᠡᠨᠡ ᠨᠤᠮ ᠢ ᠨᠢ ᠪᠢ ᠳᠤᠩ ᠣᠯᠵᠠᠷᠬᠠᠨ ᠳᠤᠰᠤᠨ ᠠᠪᠴᠤ᠂ ᠵᠡᠭᠦᠨ ᠦᠵᠦᠮᠤᠴᠢᠨ ᠡᠴᠡ ᠬᠦᠬᠡᠬᠤᠲᠠ ᠢᠷᠡᠭᠦ ᠡᠳᠦᠷ ᠬᠠᠭᠠᠰ ᠤᠨ ᠵᠠᠮ ᠳᠠᠭᠠᠨ (ᠮᠠᠰᠢᠨ ᠳᠡᠷᠭᠡᠨ ᠳᠡᠭᠡᠷ᠎ᠡ)᠂ ᠣᠳᠠᠬᠤ ᠦᠭᠡᠶ ᠣᠳᠠᠬᠤ ᠦᠭᠡᠶ ᠭᠠᠷᠭᠠᠨ ᠣᠩᠰᠢᠵᠤ᠂ ᠬᠦᠬᠡᠬᠤᠲᠠ ᠳᠤ ᠪᠠᠭᠤᠬᠤ ᠳᠤ ᠶᠡᠭᠡᠨ ᠲᠦᠯᠤᠪ ᠣᠩᠰᠢᠵᠤ ᠳᠠᠭᠤᠰᠬᠠᠪᠠ᠃
ᠢ᠊·ᠡᠷᠳᠡᠮᠳᠤ ᠭᠤᠸᠠᠢ ᠴᠤᠬᠤᠮ ᠠᠯᠢ ᠣᠨ ᠡᠴᠡ ᠡᠭᠢᠯᠡᠵᠤ ᠰᠢᠯᠦᠭ᠌ ᠵᠤᠬᠢᠶᠠᠯ ᠪᠢᠴᠢᠵᠤ ᠨᠡᠢ᠌ᠳᠡᠯᠡᠭᠦᠯᠵᠤ ᠡᠭᠢᠯᠡᠭ᠍ᠰᠡᠨ ᠢ ᠨᠢ ᠪᠢ ᠨᠠᠷᠢᠨ ᠳᠤᠳᠤᠷᠬᠠᠢ ᠣᠭᠴᠠᠯᠠᠵᠤ ᠠᠰᠠᠭᠤᠵᠤ ᠠᠮᠵᠢᠭ᠎ᠠ ᠦᠭᠡᠶ᠃ ᠭᠡᠰᠡᠨ ᠴᠤ᠂ ᠳᠦᠷᠦᠭᠦᠤ ᠵᠠᠭᠤᠨ ᠤ ᠨᠠᠶᠠᠭᠠᠤᠨ ᠣᠨ ᠤ ᠡᠭᠢ ᠳᠤᠮᠳᠠᠴᠢ ᠪᠠᠷ᠂ ᠬᠤᠰᠢᠭᠤ ᠠᠢ᠌ᠮᠠᠭ ᠤᠨ ᠰᠤᠨᠢᠨ ᠰᠡᠳᠭᠦᠯ ᠶᠢᠡᠷ ᠭᠤᠤᠯᠳᠠᠭᠤ ᠬᠠᠶᠠ ᠬᠠᠶᠠ ᠰᠢᠯᠦᠭ᠌ ᠵᠤᠬᠢᠶᠠᠯ ᠪᠢᠴᠢᠵᠤ ᠨᠡᠢ᠌ᠳᠡᠯᠡᠭᠦᠯᠵᠤ ᠪᠠᠢ᠌ᠭᠰᠠᠨ ᠪᠣᠶᠤ ᠣᠷᠴᠢᠮ ᠤᠨ ᠭᠡᠳᠤᠨ ᠵᠢᠯ ᠡᠴᠡ 《ᠦᠨᠢᠷ ᠴᠡᠴᠡᠭ᠌》᠂ 《ᠬᠤᠨ ᠭᠠᠯᠠᠭᠤ》᠂ 《ᠦᠪᠣᠷ ᠮᠤᠩᠭ᠋ᠤᠯ ᠤᠨ ᠡᠳᠦᠷ ᠤᠨ ᠰᠤᠨᠢᠨ》 ᠵᠡᠷᠭᠡ ᠣᠷᠤᠨ ᠤ ᠳᠠᠰ ᠤᠨ ᠰᠤᠨᠢᠨ ᠰᠡᠳᠭᠦᠯ ᠶᠢᠡᠷ ᠨᠠᠯᠢᠶᠠᠤᠨ ᠳᠤᠭᠠᠨ ᠤ ᠴᠢᠨᠠᠷᠯᠢᠭ ᠶᠠᠰᠤᠯᠢᠭ ᠰᠢᠯᠦᠭ᠌ ᠨᠠᠢ᠌ᠷᠠᠭ᠂ ᠰᠤᠯᠠ ᠪᠢᠴᠢᠯᠭᠡ᠂ ᠰᠢᠭᠦᠮᠵᠢ ᠳᠤᠷᠠᠳᠬᠠᠯ ᠪᠢᠴᠢᠵᠤ ᠨᠡᠢ᠌ᠳᠡᠯᠡᠭᠦᠯᠵᠤ ᠪᠠᠢ᠌ᠭ᠎ᠠ ᠶᠢ ᠨᠢ ᠣᠯᠠᠨ ᠣᠯᠵᠤ ᠬᠠᠷᠠᠭᠰᠠᠨ᠃
ᠡᠨᠡ ᠣᠳᠠᠭ᠎ᠠ ᠳᠠᠷᠠ ᠮᠠᠨᠢ᠂ ᠦᠪᠡᠷ ᠤᠨ ᠣᠯᠠᠨ ᠵᠢᠯ ᠤᠨ ᠣᠷᠤᠯᠳᠤᠯᠭ᠎ᠠ ᠪᠦᠳᠦᠭᠡᠯᠭᠡ ᠡᠴᠡ ᠪᠠᠨ ᠰᠢᠯᠢᠨ ᠰᠤᠩᠭ᠋ᠤᠵᠤ᠂ ᠡᠨᠡᠭᠦ 《ᠣᠯᠠᠷᠢᠯ ᠤᠨ ᠭᠤᠷᠪᠠᠨ ᠥᠩᠭᠡ》 ᠭᠡᠭᠦ 103 ᠰᠢᠯᠦᠭ᠌ ᠨᠠᠢ᠌ᠷᠠᠭ ᠢ ᠪᠠᠭᠳᠠᠭᠠᠭᠰᠠᠨ 260 ᠊᠊᠊᠊᠊᠊᠊᠊᠊᠊᠊᠊᠊᠊᠊ ᠊ᠭᠠᠤᠨ ᠨᠢᠭᠤᠷ ᠪᠦᠭᠦᠢ ᠨᠤᠮ ᠶᠢᠡᠨ ᠭᠡᠪᠯᠡᠭᠦᠯᠵᠡᠢ᠃ ᠨᠤᠮ ᠤᠨ ᠵᠢᠡᠨ ᠡᠴᠦᠰ ᠲᠤ᠂ ᠳᠠᠷᠠ ᠦᠪᠡᠷ ᠤᠨ ᠪᠢᠴᠢᠭ᠍ᠰᠡᠨ ᠰᠤᠯᠠ ᠪᠢᠴᠢᠯᠭᠡ᠂ ᠰᠢᠭᠦᠮᠵᠢ ᠳᠤᠷᠠᠳᠬᠠᠯ ᠡᠴᠡ ᠪᠠᠨ 《ᠪᠦᠮᠪᠦᠷᠴᠡᠭ᠌ ᠮᠢᠨᠢ ᠶᠠᠭᠤᠨ ᠳᠤ ᠰᠢᠯᠡᠭᠡᠪᠡ》᠂ 《ᠠᠰᠢᠭ ᠮᠦᠩᠭᠦ ᠭᠢᠭᠡᠳ ᠭᠦᠮᠦᠡᠴᠢ ᠴᠢᠨᠠᠷ》᠂ 《ᠬᠤᠷᠸ᠎ᠠ ᠣᠷᠴᠢᠯ》᠂ 《ᠥᠭᠦᠯ》᠂ 《〈ᠳᠠᠮᠤᠷ ᠵᠤᠳ〉 ᠊ᠤᠨ ᠳᠡᠦᠭᠡᠨ ᠡᠷᠭᠢᠴᠡᠭᠦᠯᠦᠯ》 ᠭᠡᠭᠦ ᠵᠡᠷᠭᠡ 9 ᠵᠤᠬᠢᠶᠠᠯ ᠶᠢᠡᠨ ᠰᠤᠩᠭ᠋ᠤᠨ ᠣᠷᠤᠭᠤᠯᠤᠭᠰᠠᠨ ᠪᠠᠢ᠌ᠨ᠎ᠠ᠃
ᠶᠠᠷᠤᠩᠭᠢ ᠳᠡᠭᠡᠨ ᠳᠤᠰ ᠳᠡᠭᠦᠪᠦᠷᠢ ᠨᠢ ᠦᠣᠡᠭᠡᠷᠡᠭ᠌ ᠥᠩᠭᠡ ᠲᠡᠶ᠂ ᠦᠪᠡᠷ ᠤᠨ ᠣᠠᠴᠠᠯᠢᠭ ᠲᠡᠶ᠂ ᠦᠪᠡᠷᠮᠢᠴᠠ ᠭᠡᠯᠪᠠᠷᠢ ᠰᠠᠳᠭᠢᠴᠠ ᠲᠡᠶ ᠰᠠᠢ᠌ᠬᠠᠨ ᠨᠤᠮ ᠪᠣᠯᠵᠤ ᠴᠢᠳᠠᠪᠠ᠃
ᠢ᠊·ᠡᠷᠳᠡᠮᠳᠤ ᠪᠣᠯ ᠣᠤᠯ ᠤᠨ ᠰᠢᠯᠢ ᠶᠢᠨ ᠭᠤᠤᠯ ᠴᠢᠭᠤᠯᠭᠠᠨ ᠤ ᠦᠵᠦᠮᠤᠴᠢᠨ ᠪᠠᠷᠠᠭᠤᠨ ᠬᠤᠰᠢᠭᠤᠨ ᠤ ᠭᠦᠮᠤᠨ᠃
1961 ᠣᠨ ᠤ ᠵᠤᠨ ᠤ ᠡᠭᠢᠨ ᠰᠠᠷ᠎ᠠ ᠶᠢᠨ ᠰᠢᠨᠠᠤᠨ ᠲᠤ᠂ ᠣᠳᠤᠭᠢ ᠵᠡᠭᠦᠨ ᠦᠵᠦᠮᠤᠴᠢᠨ ᠬᠤᠰᠢᠭᠤᠨ ᠤ ᠪᠣᠯᠠᠭ ᠰᠤᠮᠤᠨ ᠤ (ᠦᠨᠦ ᠳᠠᠭᠤᠳᠤᠨᠠᠭᠤᠷ ᠪᠠᠯᠭᠠᠰᠤ ᠭᠡᠵᠤ ᠪᠣᠢ) ᠨᠠᠢ᠌ᠷᠠᠮᠳᠠᠯ ᠭᠠᠴᠠᠭ᠎ᠠ ᠶᠢᠨ ᠨᠤᠳᠤᠭ ᠊᠊᠊᠊᠊᠊᠊᠊᠊᠊᠊᠊᠊᠊᠊ ᠠᠷᠤ ᠨᠠᠭᠤᠷ ᠤᠨ ᠵᠡᠭᠦᠨ ᠳᠡᠭᠡᠷ᠎ᠡ᠂ ᠣᠢ᠌ᠰᠠᠩ ᠣᠪᠣᠭᠳᠤ ᠮᠠᠯᠴᠢᠨ ᠢᠰᠢᠭᠡ ᠶᠢᠨ ᠬᠤᠶᠠᠳᠤᠭᠠᠷ ᠭᠦᠤ ᠪᠣᠯᠵᠤ᠂ ᠡᠭᠡ ᠯᠢᠩᠬᠤᠸ᠎ᠠ ᠡᠴᠡ ᠵᠠᠶᠠᠭᠠᠪᠠ᠃
ᠳᠠᠷᠠ ᠪᠠᠷ᠂ 1982 ᠣᠨ ᠳᠤ ᠠᠵᠢᠯ ᠳᠤ ᠣᠷᠤᠭᠰᠠᠨ ᠡᠴᠡ ᠨᠠᠰᠢ᠂ ᠭᠤᠴᠢ ᠰᠢᠬᠠᠮ ᠵᠢᠯ ᠤᠨ ᠳᠤᠷᠰᠢᠳᠠ ᠵᠠᠰᠠᠭ ᠵᠠᠭᠢᠷᠭᠠᠨ ᠤ ᠠᠵᠢᠯ ᠳᠤ ᠭᠤᠤᠯᠴᠢᠯᠠᠨ ᠵᠢᠦᠡᠭᠦᠵᠤ᠂ ᠳᠤᠰ ᠬᠤᠰᠢᠭᠤᠨ ᠤ ᠪᠠᠨ ᠡᠭᠡᠪᠤᠯᠠᠭ ᠰᠤᠮᠤ᠂ ᠬᠤᠰᠢᠭᠤᠨ ᠤ ᠮᠠᠯ ᠠᠵᠤ ᠠᠬᠤᠢ ᠶᠢᠨ ᠳᠤᠪᠴᠢᠶ᠎ᠠ᠂ ᠭᠦᠷᠢᠶᠳᠦᠨᠡᠭᠤᠷ ᠰᠤᠮᠤ᠂ ᠬᠤᠰᠢᠭᠤᠨ ᠤ ᠭᠠᠵᠠᠷ ᠰᠢᠷᠤᠢ ᠶᠢᠨ ᠬᠠᠮᠢᠶᠠᠷᠠᠯᠳᠠ ᠶᠢᠨ ᠳᠤᠪᠴᠢᠶ᠎ᠠ᠂ ᠣᠢ ᠰᠢᠭᠤᠢ ᠣᠰᠤᠨ ᠠᠰᠢᠭᠯᠠᠯᠳᠠ ᠶᠢᠨ ᠳᠤᠪᠴᠢᠶ᠎ᠠ᠂ ᠷᠠᠳᠢᠤ᠋ ᠳᠸᠯᠸᠢᠰ ᠳᠤᠪᠴᠢᠶ᠎ᠠ᠂ ᠦᠨᠳᠦᠰᠦᠳᠠᠨ ᠤ ᠭᠡᠷᠡᠭ᠌ ᠡᠷᠭᠢᠯᠡᠭᠦ ᠳᠤᠪᠴᠢᠶ᠎ᠠ᠂ ᠣᠤᠠᠬ᠎ᠠ ᠣᠷᠠᠯᠢᠭ ᠤᠨ ᠭᠢᠨ ᠤ ᠬᠤᠯᠪᠣᠭ᠎ᠠ ᠵᠡᠷᠭᠡ ᠪᠠᠢ᠌ᠭᠤᠯᠭ᠎ᠠ ᠨᠢᠭᠡᠴᠢ ᠳᠤ ᠭᠤᠤᠯ ᠳᠤᠰᠢᠶᠠᠯ (ᠰᠤᠮᠤᠨ ᠳᠠᠷᠤᠭ᠎ᠠ᠂ ᠳᠤᠪᠴᠢᠶᠠᠨ ᠳᠠᠷᠤᠭ᠎ᠠ᠂ ᠳᠤᠰᠬᠠᠢ ᠳᠤᠰᠢᠶᠠᠯᠳᠤ ᠳᠡᠷᠢᠭᠦᠯᠡᠭ᠍ᠴᠢ ᠵᠡᠷᠭᠡ ᠳᠤᠰᠢᠶᠠᠯ) ᠬᠠᠷᠢᠭᠤᠴᠠᠵᠤ ᠶᠠᠪᠣᠵᠤ ᠪᠠᠢ᠌ᠭᠰᠠᠨ ᠶᠢᠡᠨ᠂ ᠣᠳᠤ ᠬᠤᠰᠢᠭᠤᠨ ᠤ ᠪᠠᠨ ᠨᠠᠮ ᠤᠨ ᠬᠤᠷᠢᠶ᠎ᠠ ᠶᠢᠨ ᠣᠯᠤᠰ ᠳᠤᠷᠤ ᠬᠠᠤᠯᠢ ᠴᠠᠭᠠᠵᠠ ᠶᠢᠨ ᠬᠤᠷᠢᠶ᠎ᠠ ᠳᠤ ᠳᠠᠳ᠋ ᠱᠦᠵᠢ᠂ ᠰᠤᠶᠤᠯ ᠳᠡᠦᠭᠡ ᠶᠢᠨ ᠨᠡᠢ᠌ᠭᠡᠮᠯᠢᠭ᠌ ᠤᠨ ᠳᠡᠷᠢᠭᠦᠯᠡᠭ᠍ᠴᠢ᠂ ᠢᠷᠦᠭᠡᠯᠴᠢᠳ ᠤᠨ ᠨᠡᠢ᠌ᠭᠡᠮᠯᠢᠭ᠌ ᠤᠨ ᠳᠡᠷᠢᠭᠦᠯᠡᠭ᠍ᠴᠢ ᠵᠡᠷᠭᠡ ᠡᠭᠦᠷᠭᠡ ᠳᠤᠰᠢᠶᠠᠯ ᠢ ᠬᠠᠷᠢᠭᠤᠴᠠᠨ ᠪᠣᠢ᠃
ᠳᠠᠷᠠ ᠮᠠᠨᠢ᠂ ᠣᠯᠠᠩᠭᠢ ᠰᠢᠯᠦᠭ᠌ ᠨᠠᠢ᠌ᠷᠠᠭ (ᠵᠤᠭᠢᠶᠠᠯ) ᠵᠢᠡᠨ ᠠᠵᠢᠯ ᠠᠯᠪᠠ ᠶᠢᠨ ᠶᠢᠡᠨ ᠴᠢᠯᠦᠭᠡ ᠵᠠᠪ ᠶᠢᠡᠷ ᠪᠢᠴᠢᠪᠠ᠃ ᠣᠳᠤᠷᠢᠳᠤᠯᠭ᠎ᠠ ᠡᠭᠦᠷᠭᠡᠳᠡᠨ ᠪᠣᠯᠤᠭᠰᠠᠨ ᠭᠦᠮᠤᠨ ᠤ ᠠᠵᠢᠯ ᠠᠯᠪᠠ ᠲᠤᠢ᠌ᠯ ᠤᠨ ᠶᠠᠭᠠᠷᠠᠤ ᠪᠠᠢ᠌ᠳᠠᠭ ᠢ᠂ ᠡᠭᠦᠷᠭᠡᠯᠡᠵᠤ ᠳᠠᠭᠠᠭᠠᠭᠰᠠᠨ ᠡᠭᠦᠷᠭᠡ ᠠᠯᠪᠠ ᠡᠴᠡ ᠪᠠᠨ ᠥᠭᠡᠷ᠎ᠡ ᠪᠣᠰᠤᠳ ᠵᠣᠢ᠌ᠯᠠᠰ ᠢ ᠦᠨᠳᠦᠰᠦᠨ ᠳᠡᠭᠡᠨ ᠭᠢᠵᠤ ᠪᠦᠳᠦᠭᠡᠵᠤ ᠠᠮᠵᠠᠳᠠᠭ ᠦᠭᠡᠶ ᠶᠢ ᠭᠡᠨ ᠴᠤ ᠭᠡᠰᠡᠨ ᠪᠦᠷ ᠮᠠᠳᠠᠨ᠎ᠠ᠃ ᠭᠡᠰᠡᠨ ᠴᠤ᠂ ᠳᠠᠷᠠ ᠮᠠᠨᠢ᠂ ᠠᠵᠢᠯ ᠶᠢᠡᠨ ᠵᠠᠢ᠌ᠴᠢᠯᠠᠵᠤ ᠠᠯᠪᠠ ᠪᠠᠨ ᠵᠣᠢ᠌ᠴᠢᠯᠠᠵᠤ ᠠᠵᠢᠯ ᠠᠯᠪᠠ ᠶᠢᠨ ᠶᠢᠡᠨ ᠴᠢᠯᠦᠭᠡ ᠵᠠᠪ ᠶᠢᠡᠷ ᠠᠷᠪᠢᠨ ᠠᠷᠪᠢᠨ ᠢᠷᠠᠭᠤ ᠨᠠᠢ᠌ᠷᠠᠭ᠂ ᠣᠷᠠᠨ ᠵᠤᠬᠢᠶᠠᠯ ᠢ ᠪᠢᠴᠢᠵᠤ ᠪᠦᠳᠦᠭᠡᠪᠡ᠃ ᠠᠵᠢᠯ ᠠᠯᠪᠠ᠂ ᠠᠮᠢᠳᠤᠷᠠᠯ ᠣᠷᠴᠢᠯ ᠤᠨ ᠶᠢᠡᠨ ᠪᠣᠳᠠᠳᠤ ᠪᠠᠢ᠌ᠳᠠᠯ ᠲᠡᠶ ᠠᠭᠤᠰᠤᠭᠤᠯᠵᠤ ᠠᠪᠴᠠᠭᠤᠯᠵᠤ᠂ ᠣᠷᠠᠯᠢᠭᠵᠢᠭᠤᠯᠵᠤ ᠨᠠᠷᠢᠯᠢᠭᠵᠢᠭᠤᠯᠵᠤ᠂ ᠣᠬᠠᠭᠠᠵᠢᠭᠤᠯᠵᠤ ᠰᠡᠷᠡᠭ᠍ᠵᠢᠭᠦᠯᠵᠤ᠂ ᠰᠢᠰᠲ᠋ᠸᠮᠵᠢᠭᠦᠯᠵᠤ ᠡᠮᠭᠢᠵᠢᠭᠦᠯᠵᠤ ᠪᠢᠴᠢᠵᠤ ᠴᠤ ᠴᠢᠳᠠᠪᠠ᠃
ᠢ᠊·ᠡᠷᠳᠡᠮᠳᠤ ᠭᠤᠸᠠᠢ ᠶᠢᠨ ᠰᠢᠯᠦᠭ᠌ ᠨᠠᠢ᠌ᠷᠠᠭ ᠤᠨ ᠶᠠᠷᠤᠩᠭᠢ ᠣᠠᠴᠠᠯᠢᠭ ᠭᠡᠪᠠᠯ᠂ ᠶᠠᠭ ᠯᠠ ᠨᠤᠮ ᠤᠨ ᠡᠭᠢᠨ (ᠣᠷᠤᠰᠢᠯ) ᠳ᠋ᠤ᠂ ᠢᠷᠠᠭᠤ ᠨᠠᠢ᠌ᠷᠠᠭᠴᠢ᠂ ᠣᠷᠠᠨ ᠵᠤᠬᠢᠶᠠᠯᠴᠢ ᠳ᠋·ᠪᠠᠭᠠᠳᠤᠷ ᠤᠨ ᠭᠡᠯᠡᠭ᠍ᠰᠡᠡᠴᠢᠯᠡᠨ᠄
《ᠬᠠᠯᠳᠤ ᠣᠩᠰᠢᠪᠠᠯ᠂ ᠪᠢᠯᠢᠭ᠌ ᠤᠨ ᠳᠠᠮᠤᠷ᠂ ᠭᠤᠮᠪᠣ ᠶᠢᠨ ᠡᠡᠶᠦᠯᠭᠦᠢ ᠁ ᠵᠢᠨ ᠮᠠᠯᠴᠢᠨ ᠠᠷᠠᠤᠨ ᠤᠨ ᠪᠠᠯᠠᠨ ᠰᠢᠯᠦᠭ᠌ ᠰᠢᠭ᠌ ᠢᠯᠠ ᠴᠠᠭᠠᠬᠠᠨ ᠬᠠᠢ᠌ᠩᠭ᠋ᠤᠬᠠᠨ ᠠᠵᠢᠪᠠᠯ᠂ ᠳᠣᠢ᠌ᠩᠬᠤᠷ ᠡᠡᠭᠡ ᠶᠢᠨ ᠭᠤᠴᠤ ᠣᠨᠢᠰᠤᠭ᠎ᠠ ᠰᠢᠭ ᠣᠴᠢᠷ ᠨᠢᠭᠤᠴᠠᠬᠠᠢ ᠬᠠᠪᠣᠳᠠᠢ᠌ᠬᠠᠨ ᠠᠮᠳᠠᠷᠬᠠᠪᠠᠯ᠂ ᠭᠠᠮᠠᠯᠠ ᠵᠠᠭᠢᠷᠤᠭᠴᠢ ᠶᠢᠨ ᠢᠷᠦᠭᠡᠯ ᠮᠠᠭᠳᠠᠭᠠᠯ ᠰᠢᠭ ᠴᠠᠯᠭᠢᠮ᠎ᠠ ᠨᠠᠮᠵᠠᠷ ᠲᠡᠶ᠁ 》 ᠰᠠᠢ᠌ᠬᠠᠨ ᠰᠢᠯᠦᠭ᠌ ᠤᠳ᠃
ᠪᠠᠰᠠ ᠴᠠᠭᠠᠰᠢ 《ᠣᠩᠰᠢᠨ ᠭᠢᠨᠠᠮᠵᠢᠯᠠᠪᠠᠯ᠂ ᠦᠵᠦᠮᠤᠴᠢᠨ ᠠᠷᠠᠤᠨ ᠤᠨ ᠦᠪᠡᠷᠮᠢᠴᠠ ᠭᠡᠯᠡᠯᠭᠡ᠂ ᠨᠤᠳᠤᠭ ᠵᠠᠩ᠂ ᠵᠠᠭᠢᠶ᠎ᠠ ᠰᠤᠷᠭᠠᠯ ᠁ ᠲ᠋ᠤᠳᠤᠷᠠᠨ ᠮᠡᠳᠡᠷᠡᠭ᠍ᠳᠡᠳᠡᠭ᠌ ᠠᠭᠤᠵᠢᠭᠤ ᠪᠠᠭᠳᠠᠭᠠᠮᠵᠢ ᠲᠡᠶ᠁ 》᠂ 《᠁ ᠮᠡᠷᠭᠡᠨ ᠰᠠᠴᠠᠨ ᠭᠡᠯᠡᠯᠭᠡ ᠲᠡᠶ᠂ ᠴᠠᠴᠠᠨ ᠰᠢᠯᠤᠭᠤᠨ ᠰᠠᠨᠠᠭ᠎ᠠ ᠠᠬᠤᠢ ᠲᠡᠶ᠁ 》 ᠭᠣᠢ᠌ᠳᠠᠬᠠᠨ ᠨᠠᠢ᠌ᠷᠠᠭ ᠤᠳ᠂ ᠭᠤᠪᠠᠢ᠌ᠬᠠᠨ ᠰᠢᠯᠦᠭᠯᠡᠯ ᠤᠳ᠃
ᠢ᠊·ᠡᠷᠳᠡᠮᠳᠤ ᠭᠤᠸᠠᠢ ᠶᠢᠨ ᠰᠢᠯᠦᠭ᠌ ᠨᠠᠢ᠌ᠷᠠᠭ ᠤᠳ ᠡᠴᠡ ᠪᠢ 《ᠭᠦᠮᠤᠨ ᠭᠡᠳᠡᠭ᠌ ᠁ 》᠂ 《ᠵᠤᠭᠤᠰ ᠭᠡᠳᠡᠭ᠌》᠂ 《ᠮᠠᠵᠢᠶᠠᠩ ᠭᠡᠳᠡᠭ᠌》᠂ 《ᠠᠢ᠌ᠰᠤᠢ ᠠᠶᠤᠯ》᠂ 《ᠵᠠᠯᠪᠠᠷᠢᠯ》᠂ 《ᠣᠷᠤᠰᠢᠵᠤ ᠠᠮᠢᠳᠤᠷᠠᠬᠤ ᠶᠢᠨ ᠵᠦᠷᠢᠴᠠᠯ》᠂ 《ᠣᠳᠤᠮ ᠨᠢᠭᠡᠳᠡᠢ ᠠᠮᠢᠰᠬᠤᠭ᠎ᠠ》᠂ 《ᠭᠡᠳᠤ ᠳᠦᠷᠭᠡᠨ ᠭᠦᠭ᠍ᠵᠢᠯ》᠂ 《ᠭᠢᠮᠤᠷᠠᠯ》᠂ 《ᠳᠠᠷᠤᠭ᠎ᠠ ᠳᠠᠭᠠᠨ ᠭᠤᠮᠤᠷᠬᠠᠭᠰᠠᠨ ᠨᠢ》᠂ 《ᠣᠳᠤᠭ ᠵᠢᠩᠰᠠᠳᠠᠨ ᠤ ᠳᠠᠷᠤᠮᠳᠠ》 ᠁ ᠭᠡᠭᠦ ᠵᠡᠷᠭᠡ ᠰᠢᠯᠦᠭ᠌ ᠨᠠᠢ᠌ᠷᠠᠭ ᠤᠳ ᠢ ᠨᠢ ᠳᠤᠩ ᠪᠠᠬᠠᠷᠬᠠᠨ ᠣᠩᠰᠢᠯ᠎ᠠ᠃ ᠡᠳᠡᠭᠡᠷ ᠰᠢᠯᠦᠭ᠌ ᠨᠠᠢ᠌ᠷᠠᠭ ᠤᠳ᠂ ᠡ᠊ᠨᠳᠡ ᠊᠊᠊᠊᠊᠊᠊᠊᠊᠊᠊᠊᠊᠊᠊ ᠡᠨᠡ ᠬᠤᠷᠸ᠎ᠠ ᠳᠤ ᠪᠣᠯᠵᠤ ᠪᠠᠢ᠌ᠭ᠎ᠠ ᠣᠴᠢᠷ ᠶᠠᠪᠣᠳᠠᠯ ᠤᠳ ᠢ ᠡᠪᠢᠯᠭ᠌ ᠶᠢᠡᠷ ᠣᠷᠠᠯᠢᠭ ᠶᠢᠡᠷ 《ᠡᠷᠢᠶᠡᠯᠡᠵᠤ》 《ᠵᠢᠷᠤᠭᠠᠯᠠᠯ》 ᠦᠭᠡᠶ ᠪᠠᠷ ᠪᠢᠳᠠᠨ ᠳᠤ ᠭᠡᠯᠡᠵᠤ ᠥᠭ᠍ᠴᠤ ᠪᠠᠢ᠌ᠨ᠎ᠠ᠃ ᠭᠢᠴᠢᠶᠡᠮᠵᠢᠯᠡᠭᠦᠯᠵᠤ ᠰᠠᠨᠠᠭᠤᠯᠵᠤ ᠪᠠᠢ᠌ᠨ᠎ᠠ᠃ ᠪᠠᠰᠠ 《ᠡᠭᠦᠯᠡ》᠂ 《ᠪᠣᠷᠬᠠᠨ ᠤ ᠰᠤᠷᠭᠠᠯ》᠂ 《ᠪᠣᠯᠪᠠᠰᠤᠨ ᠰᠤᠷᠳᠠᠯᠴᠢᠯᠠᠭ᠎ᠠ》᠂ 《ᠠᠮᠢᠳᠤᠷᠠᠯ ᠤᠨ ᠨᠢᠭᠡᠨ ᠠᠢ᠌ᠵᠢᠮ》᠂ 《ᠨᠥᠭᠦᠷ ᠲᠤ ᠦᠭᠭᠦ ᠰᠠᠨᠠᠭᠤᠯᠤᠮᠵᠢ》᠂ 《ᠰᠠ᠊ (se) ᠪᠠᠷ ᠰᠡᠴᠡᠯᠡᠭᠦᠢ》 ᠭᠡᠭᠦ ᠵᠡᠷᠭᠡ ᠰᠢᠯᠦᠭ᠌ ᠨᠠᠢ᠌ᠷᠠᠭ ᠲᠠᠭᠠᠨ ᠭᠦᠨ ᠣᠬᠠᠭᠠᠠᠴᠢ ᠦᠵᠡᠯᠳᠠ ᠰᠤᠷᠳᠠᠯ᠂ ᠦᠵᠡᠯ ᠪᠠᠷᠢᠮᠳᠠᠯᠠᠯ ᠢ ᠢᠯᠠᠳᠳᠠ ᠢᠯᠡᠳᠭᠡᠨ ᠳᠤᠪᠣᠢ᠌ᠯᠭᠠᠵᠤ᠂ ᠶᠠᠷᠳᠢᠠᠴᠤ ᠳᠡᠯᠡᠭᠡᠢ ᠶᠢᠨ ᠥᠵᠡᠭ᠍ᠳᠡᠯ ᠢᠯᠠᠷᠠᠯ᠂ ᠭᠦᠮᠤᠨ ᠤ ᠠᠮᠢᠳᠤᠷᠠᠯ ᠤᠨ ᠵᠢᠮ᠎ᠠ ᠵᠢᠮᠰᠡᠭ᠌ ᠢ ᠣᠬᠠᠭᠠᠯᠢᠭ ᠶᠢᠡᠷ ᠭᠦᠦᠷᠨᠢᠵᠤ᠂ ᠣᠴᠢᠷᠯᠢᠭ ᠶᠢᠡᠷ ᠳᠤᠭᠠᠴᠠᠨ ᠥᠵᠡᠭᠦᠯᠦᠭ᠍ᠰᠡᠨ ᠪᠠᠢ᠌ᠨ᠎ᠠ᠃ ᠡᠳᠡᠭᠡᠷ ᠰᠢᠯᠦᠭ᠌ ᠨᠠᠢ᠌ᠷᠠᠭ ᠢ ᠣᠩᠰᠢᠪᠠᠯ᠂ ᠪᠢᠳᠠ ᠴᠤᠬᠤᠮ 《ᠶᠠᠭᠤ ᠨᠢᠭᠡ ᠶᠢ ᠰᠠᠳᠭᠢᠵᠤ ᠶᠠᠭᠤ ᠨᠢᠭᠡ ᠶᠢ ᠣᠬᠠᠭᠠᠬᠤ》 ᠪᠠᠢ᠌ᠭ᠎ᠠ︕ ᠡᠪ ᠳᠤᠢ᠌ ᠲᠡᠶ ᠠᠮᠢᠳᠤᠷᠠᠬᠤ᠂ ᠡᠪᠯᠢᠭ᠌ ᠰᠡᠴᠡᠷᠭᠡᠭ᠌ ᠰᠡᠳᠭᠢᠭᠦ᠂ ᠡᠷᠡᠰ ᠰᠢᠭᠤᠷᠬᠠᠢ᠌ᠯᠠᠭ ᠠᠵᠢᠯᠯᠠᠬᠤ᠂ ᠡᠭᠡᠨᠡᠭ᠍ᠳᠡ ᠣᠬᠠᠭᠠᠯᠢᠭ ᠤᠷᠦᠰᠢᠬᠤ ᠁ ᠵᠡᠷᠭᠡ ᠡᠯᠳᠡᠪ ᠠᠷᠭ᠎ᠠ ᠰᠠᠳᠭᠢᠮᠵᠢ᠂ ᠠᠷᠠᠠᠰᠢᠨ ᠴᠢᠨᠠᠷ᠂ ᠠᠤᠭ᠎ᠠ ᠪᠣᠳᠤᠴᠠ᠂ ᠠᠭᠤᠳᠠᠮᠴᠢ ᠪᠠᠭᠳᠠᠭᠠᠮᠵᠢ ᠳᠡᠷᠢᠭᠦᠳᠡᠨ ᠢ ᠡ᠊ᠨᠳᠡ ᠡᠴᠡ ᠰᠤᠷᠴᠤ ᠡ᠊ᠨᠳᠡ ᠡᠴᠡ ᠭᠦᠷᠳᠡᠵᠤ ᠁ ᠪᠤᠯᠬᠤ ᠪᠠᠢ᠌ᠬ᠎ᠠ︕ ᠡᠢ᠌ᠮᠦᠷᠭᠡᠭ᠌ ᠰᠢᠯᠦᠭ᠌ ᠨᠠᠢ᠌ᠷᠠᠭ ᠡᠷᠳᠡᠮᠳᠤ ᠭᠤᠸᠠᠢ ᠶᠢᠨ ᠰᠢᠯᠦᠭ᠌ ᠨᠠᠢ᠌ᠷᠠᠭ ᠲᠤ ᠨᠠᠯᠢᠶᠠᠤᠨ ᠪᠣᠢ᠃ ᠣᠩᠰᠢᠬᠤ ᠳᠤ ᠥᠨᠡᠭᠡᠷ ᠬᠠᠪᠣᠯᠢᠭ︕ ᠣᠬᠠᠭᠠᠬᠤ ᠳᠤ ᠡᠭᠦᠷᠢᠳᠡ ᠳᠤᠳᠤᠷᠯᠢᠭ︕᠂ ᠁ ᠲ᠋ᠠᠨᠠᠷ ᠣᠩᠰᠢᠵᠤ ᠥᠵᠡᠭᠡᠷᠡᠢ︕ ᠳᠠᠭᠠᠰᠢᠶᠠᠵᠤ ᠰᠤᠨᠢᠷᠬᠠᠭᠠᠷᠠᠢ︕ ᠁
ᠣᠷᠠᠨ ᠵᠤᠬᠢᠶᠠᠯ ᠤᠨ ᠣᠴᠢᠷᠯᠢᠭ ᠶᠤᠰᠤ᠂ ᠳᠤᠳᠤᠷᠯᠢᠭ ᠳᠠᠮᠢᠷ ᠢ ᠬᠠᠮᠢᠭᠠᠨ ᠡᠴᠡ ᠭᠦᠷᠳᠡᠨ᠎ᠡ ᠦᠦ᠂ ᠬᠠᠮᠢᠭᠠᠨ ᠡᠴᠡ ᠬᠠᠷᠠᠨ᠎ᠠ (ᠲ᠋ᠠᠭᠠᠰᠢᠶᠠᠨᠠ) ᠊ᠦᠦ ᠭᠡᠪᠠᠯ᠂ 《ᠣᠯᠠᠷᠢᠯ ᠤᠨ ᠭᠤᠷᠪᠠᠨ ᠥᠩᠭᠡ》 ᠡᠴᠡ᠁ ᠭᠡᠵᠤ ᠪᠢ ᠳᠠᠨᠢᠯᠴᠠᠭᠤᠯᠤᠶ᠎ᠠ︕ ᠁
《ᠣᠯᠠᠷᠢᠯ ᠤᠨ ᠭᠤᠷᠪᠠᠨ ᠥᠩᠭᠡ》 ᠊᠊᠊᠊᠊᠊᠊᠊᠊᠊᠊᠊᠊᠊᠊ ᠣᠴᠢᠷᠯᠢᠭ ᠥᠩᠭᠡ︕
ᠤᠶᠠᠩᠭ᠎ᠠ ᠨᠠᠢ᠌ᠷᠠᠭ ᠤᠨ ᠢᠯᠳᠠᠮᠬᠠᠨ ᠥᠩᠭᠡ︕
ᠣᠷᠠᠨ ᠰᠡᠳᠬᠢᠯᠭᠡ ᠶᠢᠨ ᠴᠡᠯᠮᠡᠭ᠍ᠭᠡᠨ ᠥᠩᠭᠡ︕
ᠣᠤᠠᠬ᠎ᠠ ᠰᠠᠨᠠᠭᠠᠨ ᠤ ᠴᠡᠯᠡᠭᠡᠷᠭᠡᠨ ᠥᠩᠭᠡ︕ ᠁
2011.01.19 ᠊ᠤ ᠦᠳᠡ ᠶᠢᠨ ᠬᠣᠢ᠌ᠨ᠎ᠠ᠂ ᠬᠦᠬᠡᠬᠤᠲᠠᠨ᠎ᠡ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 16887
ᠴᠠᠭ᠄ 2011 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ