ᠨᠡᠪᠲᠡᠷᠡᠨ ᠤᠷᠤᠬᠤ
ᠥᠩᠭᠡᠷᠡᠵᠤ ᠣᠳᠤᠭᠰᠠᠨ ᠥᠩᠭᠡᠳᠤ ᠡᠭᠦᠯᠡ

ᠰᠠᠯᠭᠢᠨ ᠤ ᠡᠷᠭᠡ ᠪᠠᠷ

ᠰᠠᠠᠰᠠᠷ ᠤᠨ ᠴᠡᠭᠡᠯ ᠶᠢᠡᠷ

ᠰᠠᠨᠠᠭᠠᠨ ᠤ ᠡᠯᠢᠭᠡ ᠣᠶᠠᠰᠬᠠᠨ

ᠨᠢᠭᠡ ᠭᠡᠰᠡᠭ᠌ ᠥᠩᠭᠡᠳᠤ ᠡᠭᠦᠯᠡ

ᠨᠡᠭᠦᠳᠡᠯᠯᠡᠵᠤ ᠶᠠᠪᠣᠨ᠎ᠠ᠃

ᠥᠴᠦᠭᠡᠳᠦᠷ ᠤᠨ ᠪᠣᠳᠤᠭᠰᠠᠨ ᠨᠢᠳᠤ

ᠦᠨᠦᠳᠤᠷ ᠤᠨ ᠬᠠᠪᠣᠭᠰᠠᠨ ᠰᠡᠳᠭᠢᠯ

ᠦᠨᠢ ᠮᠥᠩᠭᠡ ᠳᠤᠷᠠᠰᠤᠯ

ᠨᠢᠯᠪᠣᠰᠤᠷᠠᠭᠤᠯᠵᠤ ᠮᠡᠭ᠍ᠰᠢᠨ᠎ᠡ ᠁

ᠣᠢ ᠶᠢᠨ ᠴᠢᠨᠢ ᠵᠡᠭᠦᠳᠤᠨ ᠡᠴᠡ ᠪᠠᠯᠠᠷᠠᠬᠤ

ᠮᠢᠨᠤ ᠨᠠᠷ᠎ᠠ ᠶᠢᠨ ᠮᠠᠷᠳᠠᠭᠳᠠᠯ

ᠣᠤᠷ ᠴᠢᠳᠠᠪᠭᠢ ᠪᠠᠷ ᠭᠡᠷᠡᠴᠢᠯᠡᠭ᠍ᠳᠡᠭᠦ

ᠣᠨ ᠵᠠᠭᠤᠨ ᠤ ᠮᠥᠷᠳᠡᠯᠭᠡ ᠪᠣᠶᠤ︖

ᠣᠯᠠᠨ ᠮᠢᠩᠭ᠋ᠠᠨ ᠭᠦᠰᠡᠯ ᠳᠡᠷᠪᠠᠭᠦᠯᠴᠢᠭᠡᠭᠡᠳ

ᠭᠠᠩᠰᠠᠷᠠᠭᠰᠠᠨ

ᠠᠮᠠᠷᠠᠭ ᠴᠠᠭᠠᠨ ᠪᠣᠳᠤᠯ ᠤᠳ ᠮᠢᠨᠢ

ᠣᠷᠴᠢᠯ ᠤᠨ ᠵᠢᠮ᠎ᠠ ᠳᠡᠭᠡᠨ ᠰᠢᠭᠤᠢ ᠳᠤ

ᠮᠠᠨᠠᠭᠳᠠᠭᠰᠠᠨ

ᠠᠯᠢᠶ᠎ᠠ ᠰᠢᠷᠭᠠᠯ ᠪᠦᠷᠦᠢ ᠪᠠᠢ᠌ᠨᠠᠮ ᠡ︕

ᠵᠠᠢ᠌ᠳᠠᠵᠤ ᠣᠳᠤᠭᠰᠠᠨ ᠣᠨ ᠰᠠᠷ᠎ᠠ

ᠵᠢᠭᠤᠳᠠᠵᠤ ᠵᠠᠮᠬᠠᠷᠠᠭᠰᠠᠨ ᠣᠯᠠ ᠮᠦᠷ

ᠪᠣᠯᠭᠢᠵᠤ ᠳᠣᠢ᠌ᠯᠠᠭᠰᠠᠨ ᠠᠮᠢᠳᠤᠷᠠᠯ

ᠪᠣᠰᠤᠭ᠎ᠠ ᠨᠠᠷ᠎ᠠ ᠲᠡᠶ ᠬᠠᠢ᠌ᠷ᠎ᠠ ᠁

ᠪᠣᠷᠤᠭᠤ ᠰᠢᠩᠭᠡᠭ᠍ᠰᠡᠨ ᠣᠳᠤᠳ ᠊ᠤᠨ

ᠣᠷᠤᠮ ᠳᠤᠭᠠᠯᠠᠵᠤ

ᠪᠣᠮᠠᠨ ᠳᠤᠤᠯᠢ ᠪᠠᠨ

ᠨᠠᠷᠠᠨ ᠤ ᠵᠥᠭ᠌ ᠬᠠᠢ᠌ᠯᠠᠨᠠᠮ︕

ᠰᠠᠢ᠌ᠬᠠᠨ ᠳᠠᠰᠤᠯᠴᠠᠭᠰᠠᠨ ᠦᠨᠢ ᠶᠡᠭᠡ

ᠡ᠊ᠨᠳᠡᠭᠦᠷᠡᠯ ᠤᠨ ᠳᠦᠯᠦᠭᠡ

ᠰᠠᠨᠠᠵᠤ ᠶᠠᠪᠣᠭᠰᠠᠨ ᠳᠤᠷᠠᠯᠠᠯ ᠤᠨ ᠣᠯᠠᠨ

ᠦᠴᠢᠯ ᠤᠨ ᠳᠦᠯᠦᠭᠡ

ᠰᠠᠯᠵᠤ ᠠᠭᠤᠴᠢᠯᠠᠭᠰᠠᠨ ᠨᠢᠯᠪᠣᠰᠤᠳᠠᠢ ᠭᠠᠭᠴᠠ

ᠳᠠᠢ᠌ᠤᠠᠬᠤᠷᠯᠠᠯ ᠤᠨ ᠳᠦᠯᠦᠭᠡ

ᠮᠠᠷᠳᠠᠵᠤ ᠴᠢᠳᠠᠬᠤ ᠦᠭᠡᠶ

ᠠᠭᠤᠤ ᠪᠦᠰᠡᠭᠦᠢ ᠬᠠᠢ᠌ᠷ᠎ᠠ ᠶᠢ ᠴᠢᠨᠢ

ᠮᠠᠷᠳᠠᠬᠤ ᠶᠢᠨ ᠳᠦᠯᠦᠭᠡ

ᠣᠶᠠᠬᠠᠨ ᠵᠦᠰᠠᠷ ᠤᠨ ᠨᠣᠢ᠌ᠳᠠᠨ ᠨᠢᠳᠤ ᠪᠠᠷ

ᠵᠡᠭᠦᠳᠤᠨ ᠤ ᠳᠤᠮᠳᠠ ᠪᠠᠨ

ᠵᠡᠷᠭᠡᠯᠭᠡᠨ ᠪᠣᠯᠭᠠᠵᠤ ᠣᠩᠰᠢᠵᠤ ᠳᠠᠭᠤᠨ᠎ᠠ︕

ᠰᠠᠯᠭᠢᠨ ᠤ ᠡᠷᠭᠡ ᠪᠠᠷ

ᠰᠠᠠᠰᠠᠷ ᠤᠨ ᠴᠡᠭᠡᠯ ᠵᠢᠠᠷ

ᠨᠢᠭᠡ ᠭᠡᠰᠡᠭ᠌ ᠥᠩᠭᠡᠳᠤ ᠡᠭᠦᠯᠡ

ᠰᠠᠨᠠᠭᠠᠨ ᠤ ᠡᠯᠢᠭᠡ ᠣᠶᠠᠰᠬᠠᠨ

ᠨᠡᠭᠦᠵᠤ ᠶᠠᠪᠣᠯ᠎ᠠ ᠁

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ