☆ ᠪᠦᠷᠵᠢᠭᠢᠨ ᠨᠠᠴᠢᠨ
ᠵᠥᠭᠡᠯᠡᠨ ᠰᠢᠪᠠᠨᠡᠭᠡ
ᠳᠤᠰᠤᠯᠬᠤ ᠦᠭᠡᠶ ᠴᠡᠴᠡᠭᠡᠰ ᠤᠨ ᠰᠢᠭᠦᠳᠡᠷᠢ ᠵᠢ
ᠠᠯᠳᠠᠷᠠᠭᠠᠵᠤ ᠣᠷᠭᠢᠭᠰᠠᠨ ᠭᠤᠳᠤᠯ ᠤᠨ ᠲᠦᠷᠡᠢ᠂
ᠳᠤᠮᠳᠠᠷᠠᠬᠤ ᠦᠭᠡᠶ ᠰᠡᠳᠭᠢᠯ ᠤᠨ ᠭᠢᠷᠠᠭᠤ ᠵᠢ
ᠠᠮᠢᠯᠠᠭᠤᠯᠵᠤ ᠰᠡᠷᠭᠦᠭᠡᠭ᠍ᠰᠡᠨ ᠠᠮᠠᠷᠠᠭ ᠤᠨ ᠰᠢᠪᠠᠨᠡᠭᠡ ᠁
ᠳᠤᠪ ᠳᠤᠯᠠᠭᠠᠬᠠᠨ ᠰᠡᠳᠭᠢᠯ ᠤᠨ ᠰᠢᠪᠠᠨᠡᠭᠡ
ᠳᠤᠤᠯᠢᠮ᠎ᠠ ᠬᠤᠷᠸ᠎ᠠ ᠳᠤ ᠢᠪᠠᠭᠡᠭ᠍ᠰᠡᠨ ᠠᠮᠠᠷᠠᠭ ᠤᠨ ᠮᠢᠨᠢ ᠬᠠᠢ᠌ᠷ᠎ᠠ ᠪᠠᠢ᠌ᠯ᠎ᠠ᠂
ᠴᠠᠪ ᠴᠡᠮᠴᠡᠭᠡᠷᠭᠡᠨ ᠵᠥᠭᠡᠯᠡᠨ ᠰᠢᠪᠠᠨᠠᠯ
ᠣᠶᠠᠷᠠᠮᠠ ᠬᠤᠷᠸ᠎ᠠ ᠳᠤ ᠠᠭᠤᠰᠤᠯᠴᠠᠭᠰᠠᠨ ᠠᠮᠠᠷᠠᠭ ᠤᠨ ᠮᠢᠨᠢ ᠰᠡᠳᠭᠢᠯ ᠪᠠᠢ᠌ᠯ᠎ᠠ ᠁
ᠳᠤᠭᠣᠢ᠌ᠯᠠᠵᠤ ᠡᠷᠭᠡᠯᠡᠨ ᠴᠢᠭᠢᠨ ᠳᠤ ᠮᠢᠨᠢ ᠰᠢᠪᠠᠨᠡᠭᠦ ᠳ᠋ᠡᠭᠡᠨ
ᠳᠤᠰᠤᠯᠠᠬᠤ ᠨᠢᠯᠪᠣᠰᠤ ᠵᠤᠭᠢᠬᠤ ᠦᠭᠡᠶ ᠬᠠᠴᠠᠷ ᠨᠢ ᠣᠯᠠᠢ᠌ᠭᠰᠠᠨ ᠪᠠᠢ᠌ᠯ᠎ᠠ᠂
ᠳᠠᠪᠠᠷᠢᠵᠤ ᠨᠠᠭᠠᠯᠳᠤᠨ ᠳᠡᠷᠭᠡᠳᠡ ᠮᠢᠨᠢ ᠰᠢᠪᠠᠨᠡᠭᠦ ᠳ᠋ᠡᠭᠡᠨ
ᠴᠢᠠᠳᠠᠮᠤᠨᠢ ᠵᠢᠷᠦᠭᠡ ᠨᠢ ᠳᠤᠭᠳᠤᠯᠤᠬᠠᠨ ᠪᠠᠢ᠌ᠯ᠎ᠠ᠂
ᠬᠠᠳᠠᠭᠤ ᠪᠦᠭᠦᠨ ᠬᠠᠢ᠌ᠯᠵᠤ᠂ ᠬᠠᠮᠤᠭ ᠪᠦᠭᠦᠨ ᠣᠶᠠᠷᠠᠮᠠ ᠳᠠᠷᠠ ᠰᠢᠪᠠᠨᠡᠭᠡ
ᠬᠠᠵᠠᠭᠤ ᠳᠤ ᠮᠢᠨᠢ ᠣᠠᠳᠤᠷᠤᠭᠰᠠᠨ ᠬᠠᠢ᠌ᠷ᠎ᠠ ᠶᠢᠨ ᠢᠨᠠᠭᠰᠢᠯ ᠪᠠᠢ᠌ᠯ᠎ᠠ᠂
ᠬᠠᠢ᠌ᠷ᠎ᠠ ᠶᠢᠨ ᠦᠨᠦᠷ ᠪᠢᠯᠬᠠᠭᠰᠠᠨ ᠳᠠᠷᠠ ᠰᠢᠪᠠᠨᠡᠭᠡ
ᠬᠠᠷᠢᠨ ᠮᠢᠨᠤ ᠰᠡᠳᠭᠢᠯ ᠢ ᠭᠡᠢ᠌ᠭᠦᠯᠳᠡᠭ᠌ ᠢᠳᠡᠭᠡᠯ ᠪᠢᠯᠠ᠃
ᠵᠦᠪ ᠵᠥᠭᠡᠯᠡᠭᠡᠨ ᠳᠠᠷᠠ ᠯᠠ ᠰᠢᠪᠠᠨᠡᠭᠡ
ᠵᠢᠷᠦᠭᠡ ᠰᠡᠳᠭᠢᠯ ᠢ ᠮᠢᠨᠢ ᠠᠮᠢᠯᠠᠭᠤᠯᠤᠭᠰᠠᠨ ᠵᠢᠷᠭᠠᠯ ᠪᠢᠯᠠ᠂
ᠳᠤᠰᠤᠯᠬᠤ ᠦᠭᠡᠶ ᠴᠡᠴᠡᠭᠡᠰ ᠤᠨ ᠰᠢᠭᠦᠳᠡᠷᠢ ᠵᠢ
ᠠᠯᠳᠠᠷᠠᠭᠠᠵᠤ ᠣᠷᠭᠢᠭᠰᠠᠨ ᠭᠤᠳᠤᠯ ᠤᠨ ᠲᠦᠷᠡᠢ᠂
ᠳᠤᠭᠳᠤᠯᠬᠤ ᠦᠭᠡᠶ ᠰᠡᠳᠭᠢᠯ ᠤᠨ ᠭᠢᠷᠠᠭᠤ ᠵᠢ
ᠠᠮᠢᠯᠠᠭᠤᠯᠵᠤ ᠰᠡᠷᠭᠦᠭᠡᠭ᠍ᠰᠡᠨ ᠠᠮᠠᠷᠠᠭ ᠤᠨ ᠰᠢᠪᠠᠨᠡᠭᠡ ᠁
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠭᠤᠤᠯᠮᠤᠳ ᠬᠤᠳᠠ
ᠵᠤᠬᠢᠶᠠᠭᠴᠢ᠄ ᠪᠦᠷᠵᠢᠭᠢᠨ ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ