☆ ᠤᠶᠤᠨᠭᠡᠷᠡᠯ ᠡᠮᠭᠢᠦᠡᠭᠡᠪᠡ
ᠰᠠᠴᠤᠯᠢ ᠡᠷᠭᠦᠭᠦ ᠥᠭᠡᠰ
《ᠣᠸᠮ ᠰᠠᠢ᠌ᠨ ᠠᠮᠤᠭᠤᠯᠠᠩ ᠳᠠᠨ ᠪᠣᠯᠳᠤᠭᠠᠢ
ᠮᠡᠡᠭᠯᠡᠢ ᠨᠠᠷᠠᠳᠤ ᠢᠳᠡᠭᠡᠨ ᠤ ᠳᠡᠭᠡᠵᠢ
ᠮᠠᠨ ᠤ ᠡᠨᠡ ᠳᠠᠪᠤᠨ ᠵᠣᠢ᠌ᠯ ᠤᠨ ᠳᠠᠩᠰᠤᠭ
ᠳᠠᠢ᠌ᠶᠤᠸᠠᠨ ᠰᠤᠤᠳᠤ ᠪᠣᠭᠳᠠ ᠴᠢᠩᠭᠢᠰ ᠬᠠᠭᠠᠨ ᠤ
ᠳᠠᠯᠠᠨ ᠬᠤᠶᠠᠷ ᠢᠳᠡᠭᠡᠨ ᠤ ᠳᠡᠭᠡᠷ᠎ᠡ
ᠠᠷᠪᠠᠨ ᠬᠤᠶᠠᠷ ᠡᠵᠡᠯᠡᠭ᠍ᠴᠢ ᠡᠭᠢᠯᠡᠨ
ᠠᠯᠳᠠᠨ ᠳᠡᠯᠡᠭᠡᠢ ᠡᠵᠡᠳ ᠳᠠᠷᠠᠭᠠᠯᠠᠨ
ᠵᠥᠭ᠌ ᠪᠦᠷᠢ ᠶᠢᠨ ᠡᠵᠡᠳ ᠰᠠᠭᠢᠭᠤᠯᠰᠤᠨ ᠳᠤ ᠡᠷᠭᠦᠨ ᠰᠠᠴᠤᠮᠤᠢ᠃
ᠡᠷᠭᠦᠭ᠍ᠰᠡᠨ ᠳᠠᠷᠤᠢ ᠳᠤ ᠪᠠᠨ ᠦᠯᠵᠡᠢ ᠲᠡᠶ
ᠪᠠᠷᠢᠭᠰᠠᠨ ᠳᠠᠷᠤᠢ ᠳᠤ ᠪᠠᠨ ᠪᠠᠳᠤ ᠲᠡᠶ
ᠲᠦᠪ ᠶᠢᠡᠷ ᠮᠤᠷᠢᠯᠠᠭᠰᠠᠨ
ᠲᠦᠷᠦᠯ ᠰᠠᠳᠤᠨ ᠪᠦᠭᠦᠳᠡᠭᠡᠷ ᠶᠢᠡᠨ
ᠲᠦᠪᠰᠢᠨ ᠠᠮᠤᠷ ᠵᠢᠷᠭᠠᠬᠤ ᠪᠣᠯᠳᠤᠭᠠᠢ 》
《ᠣᠷᠳᠤᠰ ᠤᠨ ᠬᠤᠷᠢᠮ》 ᠡᠴᠡ
《ᠬᠠᠭᠠᠨ ᠬᠤᠷᠮᠤᠰᠳᠠ ᠳᠡᠭ᠍ᠷᠢ ᠡᠴᠡ ᠳᠡᠷᠢᠭᠦᠯᠡᠵᠤ
ᠬᠠᠮᠤᠭ ᠳᠡᠯᠡᠭᠡᠢ ᠶᠢᠨ ᠡᠵᠡᠳ ᠪᠦᠭᠦᠳᠡᠭᠡᠷ ᠲᠤᠷ
ᠬᠠᠳᠠᠨ ᠭᠦᠴᠦᠳᠤ ᠠᠷᠢᠭᠢ ᠶᠢ ᠳᠤᠰᠬᠠᠵᠤ
ᠬᠠᠩᠭ᠋ᠠᠨ ᠪᠠᠶᠠᠰᠬᠠᠭᠴᠢ ᠶᠢᠨ ᠰᠠᠴᠤᠯᠢ ᠡᠷᠭᠦᠮᠤ᠃》
《ᠭᠦᠭᠡ ᠰᠤᠳᠤᠷ》 ᠡᠴᠡ
《ᠠᠷᠢᠭᠢ ᠶᠢᠨ ᠳᠡᠭᠡᠵᠢ ᠶᠢ ᠮᠢᠨᠢ ᠠᠮᠳᠠᠵᠤ ᠵᠤᠭᠤᠭᠯᠠᠮᠤ
ᠠᠰᠢᠳᠠ ᠶᠢᠨ ᠵᠢᠷᠭᠠᠯ ᠢ ᠬᠠᠢ᠌ᠷᠠᠯᠠᠵᠤ ᠰᠤᠶᠤᠷᠬᠠᠮᠤ
ᠡᠳᠦᠷ ᠪᠦᠷᠢ ᠦᠯᠵᠡᠢ ᠬᠤᠳᠤᠭ ᠣᠷᠤᠰᠢᠳᠤᠭᠠᠢ
ᠰᠠᠷ᠎ᠠ ᠪᠦᠷᠢ ᠰᠠᠢ᠌ᠨ ᠬᠤᠳᠤᠭ ᠣᠷᠤᠰᠢᠳᠤᠭᠠᠢ 》
《ᠮᠤᠩᠭ᠋ᠤᠯᠵᠢᠨ ᠬᠤᠷᠢᠮ ᠤᠨ ᠥᠭᠡ》 ᠡᠴᠡ
《ᠳᠡᠭᠡᠷ᠎ᠡ ᠲᠦᠪᠰᠢᠨ
ᠳᠡᠷᠭᠡᠳᠡ ᠮᠠᠨᠠᠭᠰᠠᠨ
ᠵᠠᠶᠠᠭᠠᠨ ᠳᠡᠭ᠍ᠷᠢ
ᠡᠯᠡᠭᠡᠭᠦ ᠶᠢᠨ ᠦᠶ᠎ᠡ ᠶᠢ
ᠡᠷᠭᠢᠵᠤ ᠬᠠᠷᠠᠭᠰᠠᠨ
ᠡᠨᠡᠷᠢᠯᠳᠤ ᡀᠠ ᠳᠡᠭ᠍ᠷᠢ
ᠶᠢᠰᠤᠨ ᠴᠠᠭᠠᠨ ᠰᠠᠴᠤᠯᠢ ᠪᠠᠨ ᠡᠷᠭᠦᠯ᠎ᠡ 》
《ᠣᠯᠠᠭᠠᠠᠴᠠᠪ ᠠᠷᠠᠤᠨ ᠤᠨ ᠠᠮᠠᠨ ᠵᠤᠬᠢᠶᠠᠯ》 ᠡᠴᠡ
《ᠠᠭᠢ ᠭᠢᠭᠡᠳ ᠭᠦᠵᠢ ᠶᠢ ᠪᠠᠭᠴᠠ ᠪᠠᠭᠴᠠ ᠪᠠᠷ ᠰᠢᠳᠠᠭᠠᠵᠤ
ᠠᠷᠪᠠᠨ ᠵᠥᠭ᠌ ᠤᠨ ᠪᠣᠷᠬᠠᠤᠨ ᠢ ᠠᠷᠢᠭᠤᠯᠠᠨ ᠳᠠᠭᠢᠮᠤ᠂
ᠠᠷᠢᠭᠢ ᠪᠣᠯᠤᠨ ᠠᠮᠤᠰᠤ ᠶᠢ ᠠᠶᠠᠭ᠎ᠠ ᠠᠶᠠᠭ᠎ᠠ ᠪᠠᠷ ᠰᠠᠴᠤᠵᠤ
ᠠᠮᠠ ᠪᠠᠯᠭᠡ ᠶᠢᠨ ᠢᠷᠦᠭᠡᠯ ᠶᠢᠡᠷ ᠳᠠᠭᠢᠨ ᠳᠠᠭᠢᠨ ᠮᠢᠯᠢᠶᠠᠮᠤ᠃》
《ᠠᠯᠳᠠᠨ ᠪᠠᠷᠰᠠ》 ᠡᠴᠡ
ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7479
ᠴᠠᠭ᠄ 2010 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ