☆ ᠭᠠ᠊·ᠪᠦᠳᠦᠭᠡᠭ᠍ᠴᠢ
ᠴᠠᠢ ᠶᠢᠨ ᠴᠤᠮᠤᠨ ᠳ᠋ᠠᠭᠢ ᠦᠳᠭᠡᠨ ᠪᠦᠷᠦᠢ (ᠭᠤᠷᠪᠠ)
1
ᠥᠩᠭᠡᠷᠡᠭ᠍ᠰᠡᠨ ᠵᠢᠯ ᠤᠨ ᠳᠡᠯᠭᠡᠷᠡᠭᠦ ᠳᠦᠷᠪᠠᠨ ᠰᠠᠷ᠎ᠠ ᠪᠠᠷ ᠪᠢ ᠨᠢᠭᠡᠨ ᠮᠥᠭᠦᠯᠢᠭ᠌ ᠬᠠᠢ᠌ᠷ᠎ᠠ ᠶᠢᠨ ᠦᠷ᠎ᠡ ᠪᠠᠨ ᠴᠢᠨᠤ ᠰᠡᠳᠭᠢᠯ ᠤᠨ ᠴᠢᠨᠢ ᠳᠤᠷᠭᠠᠨ ᠠᠳᠠᠷ ᠲᠤ ᠪᠣᠯᠠᠵᠤ ᠳᠠᠯᠪᠢᠭᠰᠠᠨ ᠶᠤᠮ ᠡ᠃
ᠣᠳᠤ ᠪᠣᠯᠳᠠᠯ᠎ᠠ ᠰᠤᠶᠤᠭᠠᠯᠠᠭᠠ ᠦᠭᠡᠶ ᠪᠠᠷ ᠥᠵᠡᠭᠦ ᠳᠤ ᠳᠠ ᠨᠠᠷᠠ᠂ ᠬᠤᠷ᠎ᠠ ᠬᠠᠢ᠌ᠷᠠᠯᠠᠭᠰᠠᠨ ᠦᠭᠡᠶ ᠪᠣᠯᠤᠯᠳᠠᠢ᠃
2
ᠴᠠᠭᠠᠨ ᠬᠤᠳᠠ ᠶᠢᠨ ᠪᠠᠭᠤᠷᠢ ᠡᠴᠡ ᠳᠡᠭᠦᠭ᠍ᠰᠡᠨ ᠸᠠᠭᠠᠷ ᠤᠨ ᠭᠡᠯᠳᠡᠷᠭᠡᠢ ᠳᠤ ᠬᠤᠷᠤᠭᠤ ᠪᠠᠨ ᠡᠰᠭᠡᠴᠢᠭᠡᠪᠡ᠃ ᠮᠢᠨᠤ ᠴᠢᠰᠤ ᠭᠡᠯᠳᠡᠷᠭᠡᠢ ᠸᠠᠭᠠᠷ ᠲᠤ ᠰᠢᠮᠠᠳᠴᠤ ᠪᠠᠢ᠌ᠯ᠎ᠠ᠃
ᠥ ︕ ᠣᠤᠯ ᠨᠢ ᠸᠠᠭᠠᠷ ᠤᠨ ᠭᠡᠯᠳᠡᠷᠭᠡᠢ ᠪᠢᠰᠢ ᠳᠡᠭᠡᠳᠦᠰ ᠤᠨ ᠮᠢᠨᠢ ᠶᠠᠰᠤᠨ ᠤ ᠭᠡᠯᠳᠡᠷᠭᠡᠢ ᠪᠠᠢ᠌ᠵᠠᠢ᠃
3
ᠪᠢ ᠭᠦᠯᠦᠭ᠌ ᠤᠨ ᠶᠢᠡᠨ ᠨᠢᠷᠤᠭᠤᠨ ᠳᠤ ᠳᠠᠰᠢᠶᠠᠯᠳᠠᠵᠤ ᠡᠪᠠᠰᠤᠨ ᠳᠤᠯᠤᠭᠠᠢ ᠨᠠᠢ᠌ᠭᠤᠳᠠᠯᠠ ᠢᠰᠭᠢᠷᠴᠤ ᠶᠠᠪᠣᠬᠤ ᠳᠤ ᠣᠭᠳᠠᠷᠭᠤᠢ ᠳᠤ ᠬᠤᠷᠠᠭᠠᠨ ᠡᠭᠦᠯᠡᠰ ᠬᠤᠷᠠᠨ ᠵᠠᠳᠠᠷᠠᠨ᠂ ᠬᠤᠷᠠᠨ ᠵᠠᠳᠠᠷᠠᠨ ᠁
ᠨᠠᠷᠠᠨ ᠤ ᠨᠠᠭᠠᠨ᠎ᠠ ᠠᠳᠤᠭᠤᠴᠢᠨ ᠰᠢᠪᠠᠭᠤ ᠡᠭᠡᠰᠢᠭ᠌ ᠶᠢᠡᠷ ᠨᠢ ᠨᠠᠭᠠᠳᠴᠤ ᠴᠡᠷᠪᠠᠭᠦ ᠳᠤ ᠪᠠᠨ ᠡᠮᠭᠦᠵᠤ ᠠᠯᠳᠠᠨ᠂ ᠡᠮᠭᠦᠵᠤ ᠠᠯᠳᠠᠨ ᠁
ᠪᠠᠢ᠌ᠭᠠᠯᠢ ᠣᠷᠠᠨ ᠣᠶᠠᠩᠭ᠋ᠠᠷᠠᠨ᠎ᠠ᠃
4
ᠵᠡᠭᠦᠳᠤᠨ ᠤ ᠬᠤᠯᠠ ᠶᠢᠨ ᠠᠭᠤᠳᠠᠮ ᠭᠡᠭᠡᠷ᠎ᠡ ᠪᠠᠷ ᠠᠶᠠᠯᠠᠵᠤ ᠶᠠᠪᠣᠬᠤ ᠳᠤ ᠥᠭᠡᠳᠡ ᠡᠴᠡ ᠮᠢᠨᠢ ᠭᠦᠶᠦᠯᠴᠡᠵᠤ ᠢᠷᠡᠭ᠍ᠰᠡᠨ ᠭᠦᠨ ᠨᠠᠮᠤᠷ ᠤᠨ ᠰᠢᠷᠭᠠᠯ ᠰᠠᠯᠭᠢᠨ ᠳᠤ ᠪᠢ ᠵᠤᠨ ᠤ ᠨᠤᠭᠤᠭᠠᠨ ᠰᠢᠯᠦᠭ᠌ ᠶᠢᠡᠨ ᠪᠠᠯᠡᠭᠯᠡᠶ᠎ᠡ᠃
ᠴᠠᠭ ᠨᠢ ᠳᠤᠯᠵᠤ ᠰᠢᠵᠢᠷᠳᠠᠨ ᠪᠣᠯᠪᠠᠰᠤᠷᠠᠬᠤ ᠦᠶ᠎ᠡ ᠪᠠᠷ ᠬᠠᠳᠤᠵᠤ ᠬᠤᠷᠢᠶᠠᠬᠤ ᠭᠦᠮᠤᠨ ᠪᠠᠢ᠌ᠬᠤ ᠪᠣᠯᠤᠭᠠᠰᠠᠢ ︕
5
ᠰᠢᠩᠭᠡᠯᠢᠭ᠌ ᠳᠠᠭᠢ ᠪᠢᠴᠢᠬᠠᠨ ᠰᠢᠪᠠᠭᠤ ᠵᠢᠷᠵᠢᠭᠢᠨᠠᠨ ᠵᠤᠷᠵᠢᠭᠢᠨᠠᠨ ᠳᠤᠤᠭᠠᠷᠤᠨ᠎ᠠ᠃
ᠡᠪᠦᠭᠡᠨ ᠦᠪᠡᠷ ᠤᠨ ᠶᠢᠡᠨ ᠭᠡᠯᠡ ᠪᠠᠷ᠄ 《ᠳᠠ ᠨᠡᠷ ᠰᠤᠨᠤᠰᠤᠭᠠᠴᠢ ︕ ᠮᠢᠨᠤ ᠭᠦᠭᠡᠷᠦᠭᠦᠨ ᠪᠢᠴᠢᠬᠠᠨ ᠰᠢᠪᠠᠭᠤᠬᠠᠢ ᠶᠠᠭᠠᠭᠢᠭᠰᠠᠨ ᠰᠠᠢ᠌ᠬᠠᠨ ᠳᠠᠭᠤᠯᠠᠵᠤ ᠪᠠᠢ᠌ᠭ᠎ᠠ ᠪᠣᠢ》᠃
ᠰᠢᠪᠠᠭᠤ ᠦᠪᠡᠷ ᠤᠨ ᠶᠢᠡᠨ ᠭᠡᠯᠡ ᠪᠠᠷ᠄ 《ᠥᠭᠦᠯ ᠳᠠᠭᠠᠷᠢᠭᠰᠠᠨ ᠮᠠᠭᠤ ᠡᠪᠦᠭᠡᠨ ᠡ᠂ ᠴᠢ ᠨᠠᠮ᠎ᠠ ᠶᠢ ᠳᠠᠯᠪᠢ ᠡ᠂ ᠪᠢ ᠡᠭᠡ ᠪᠠᠢ᠌ᠭᠠᠯᠢ ᠳᠤ ᠪᠠᠨ ᠪᠣᠴᠠᠨ᠎ᠠ᠂ ᠡᠷᠭᠡ ᠴᠢᠯᠦᠭᠡ ᠪᠠᠨ ᠡᠳ᠋ᠯᠡᠨ᠎ᠡ᠃ ᠴᠢ ᠳᠦᠷᠭᠡᠨ ᠥᠭᠦ᠂ ᠥᠭᠦ᠂ ᠥᠭᠦ ︕》᠃
6
ᠴᠡᠩᠭᠡᠷ ᠭᠦᠭᠡ ᠳᠡᠭ᠍ᠷᠢ ᠰᠢᠯᠦᠭ᠍ᠴᠢ ᠶᠤᠮ ᠭᠡᠨ᠎ᠡ᠃ ᠣᠶᠠᠩᠭ᠋ᠠᠷᠠᠨ ᠱᠠᠭᠢᠬᠤ ᠮᠢᠩᠭ᠋ᠠᠨ ᠪᠠᠳᠠᠭ ᠰᠢᠯᠦᠭ᠌ ᠢ ᠨᠢ ᠳᠤᠭᠳᠤᠯᠤᠨ ᠴᠢᠩᠨᠠᠵᠤ ᠡᠭᠡ ᠭᠠᠵᠠᠷ ᠨᠢ ᠪᠠᠶᠠᠰᠳᠠᠭ ᠭᠡᠨ᠎ᠡ᠃ ᠪᠠᠶᠠᠰᠤᠯ ᠨᠢ ᠲᠦᠮᠡᠨ ᠭᠠᠵᠠᠷ ᠨᠤᠭᠤᠭᠠᠷᠠᠭᠰᠠᠨ ᠪᠠᠢ᠌ᠵᠢ᠃
7
ᠴᠡᠴᠡᠭ᠌ ᠥᠩᠭᠡ ᠪᠠᠷ ᠶᠢᠡᠨ ᠳᠠᠭᠤᠯᠠᠨ᠎ᠠ᠂ ᠡᠷᠪᠠᠭᠡᠢ ᠵᠢᠭᠦᠷ ᠶᠢᠡᠷ ᠶᠢᠡᠨ ᠳᠠᠭᠤᠯᠠᠨ᠎ᠠ᠂ ᠴᠡᠴᠡᠭ᠌ ᠤᠨ ᠳᠠᠳᠠᠭᠠᠯ ᠤᠨ ᠳᠡᠷᠭᠡᠳᠡᠭᠢ ᠭᠡᠦᠭᠡᠨ ᠢᠨᠢᠶᠡᠮᠰᠦᠭᠯᠡᠯ ᠶᠢᠡᠷ ᠶᠢᠡᠨ ᠳᠠᠭᠤᠯᠠᠨ᠎ᠠ ᠁
ᠲ᠋ᠠᠳᠠ ᠨᠡᠷ ᠪᠦᠷ ᠴᠢᠮᠡᠭᠡ ᠦᠭᠡᠶ ᠳᠠᠭᠤᠯᠠᠵᠤ ᠪᠠᠢ᠌ᠬᠤ ᠳᠤ ᠪᠢ ᠶᠠᠭᠠᠭᠢᠵᠤ ᠳᠠᠭᠤᠯᠠᠬᠤ ᠶᠤᠮ ᠳ᠋ᠠ ︕
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠬᠤᠶᠠᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2011 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ