☆ ᠪᠦᠭᠡᠴᠢᠯᠡᠭᠤ
6.1 ᠳᠡᠯᠡᠭᠡᠢ ᠶᠢᠨ ᠬᠡᠦᠬᠡᠳ ᠤᠨ ᠪᠠᠶᠠᠷ
ᠵᠢᠷᠭᠤᠭᠠᠨ ᠰᠠᠷ᠎ᠠ ᠶᠢᠨ ᠨᠢᠭᠡᠨ ᠤ ᠪᠠᠶᠠᠷ
ᠬᠡᠦᠬᠡᠳ ᠤᠨ ᠭᠦᠭᠡᠷᠦᠭ᠍ᠰᠡᠨ ᠡᠳᠦᠷ ᠶᠤᠮ᠃
ᠭᠦᠯᠢᠶᠡᠭᠡᠳ ᠣᠳᠠᠳᠠᠯ᠎ᠠ ᠭᠡᠢ᠌ᠷᠭᠡᠳᠡᠭ᠌
ᠬᠡᠦᠬᠡᠳ ᠤᠨ ᠭᠦᠭᠡᠷᠦᠭᠦᠨ ᠪᠠᠶᠠᠰᠤᠯ ᠶᠤᠮ᠃
ᠳᠡᠪᠭᠡᠷᠦᠭᠡᠳ ᠳᠡᠪᠭᠡᠷᠦᠭᠡᠳ ᠭᠦᠶᠦᠳᠡᠭ᠌
ᠳᠡᠩᠳᠡᠭᠦᠤ ᠣᠯᠠᠨ ᠣᠯᠵᠠ ᠲᠡᠶ ᠴᠠᠭ ᠨᠢ ᠶᠤᠮ᠃
ᠳᠡᠭ᠍ᠳᠡᠭᠡᠭᠡᠢ ᠵᠢᠭᠠᠬᠠᠨ ᠨᠠᠰᠤᠨ ᠳᠤ ᠨᠢ
ᠳᠡᠷᠪᠠᠭ᠍ᠰᠡᠨ ᠰᠠᠢ᠌ᠬᠠᠨ ᠪᠦᠵᠢᠭ᠌ ᠲᠡᠶ ᠡᠳᠦᠷ ᠶᠤᠮ᠃
ᠳᠠᠭᠤᠯᠠᠬᠤ ᠶᠢᠨ ᠳᠤᠷᠭᠠᠨ ᠬᠤᠭᠤᠯᠠᠢ ᠪᠠᠷ
ᠳᠤᠷᠠᠳᠠᠢ ᠳᠠᠭᠤᠤ ᠪᠠᠨ ᠡᠷᠭᠦᠵᠤ ᠪᠠᠢ᠌ᠨ᠎ᠠ᠂
ᠦᠨᠳᠦᠷ ᠳᠡᠭ᠍ᠷᠢ ᠳᠤ ᠭᠠᠩᠭ᠋ᠠᠨᠠᠨ ᠥᠩᠭᠡᠷᠡᠭᠦ ᠭᠠᠯᠠᠭᠤ ᠰᠢᠭ
ᠭᠠᠵᠠᠷ ᠡᠴᠠ ᠳᠠᠪᠠᠷᠠᠨ ᠥᠭ᠍ᠰᠦᠵᠤ ᠪᠠᠢ᠌ᠨ᠎ᠠ᠃
ᠵᠢᠷᠭᠠᠯ ᠵᠢᠷᠭᠠᠯ ᠤᠨ ᠡᠭᠡᠰᠢᠭ᠌ ᠡᠴᠠ
ᠵᠢᠭᠠᠯ ᠤᠳ ᠤᠨ ᠢᠨᠢᠶᠠᠳᠤ ᠵᠢᠷᠭᠠᠯ ᠪᠠᠢ᠌ᠨ᠎ᠠ᠂
ᠵᠠᠪᠠᠯ ᠰᠤᠷᠤᠨ᠎ᠠ᠂ ᠮᠠᠳᠠᠨ᠎ᠡ ᠭᠡᠳᠡᠭ᠌ ᠡᠴᠠ
ᠪᠢᠴᠢᠬᠠᠨ ᠳᠠᠳᠠᠨᠤᠰ ᠤᠨ ᠴᠡᠩᠭᠡᠯ ᠪᠠᠢ᠌ᠨ᠎ᠠ᠃
ᠬᠤᠨᠤᠭ ᠬᠤᠨᠤᠭ ᠤᠨ ᠠᠭᠠᠰᠢᠨ ᠳᠤ ᠨᠢ
ᠬᠤᠷᠸ᠎ᠠ ᠶᠢᠨ ᠠᠮᠳᠠᠳᠠᠨ ᠢ
ᠡᠷᠭᠡᠯᠡᠵᠤ ᠢᠳᠡᠭ᠍ᠰᠡᠨ ᠬᠡᠦᠬᠡᠳ ᠤᠳ ᠰᠢᠤ᠂
ᠵᠢᠯ ᠵᠢᠯ ᠤᠨ ᠦᠩᠭᠡᠨ ᠳᠤ ᠨᠢ
ᠵᠣᠢ᠌ᠯ ᠵᠣᠢ᠌ᠯ ᠶᠢᠡᠷ ᠭᠤᠶᠤᠯᠠᠭᠰᠠᠨ ᠪᠠᠭᠠᠴᠤᠤᠯ ᠰᠢᠤ᠃
ᠭᠦᠵᠢ ᠳᠡᠯᠡᠭᠡᠢ ᠶᠢᠨ ᠦᠷᠯᠦᠭᠡ ᠰᠢᠭ᠌
ᠭᠦᠮᠤᠨ ᠤ ᠦᠷ᠎ᠡ ᠨᠠᠷᠠᠨ ᠪᠢᠯᠠ᠂
ᠭᠦᠷᠦᠰᠦᠳᠤ ᠣᠷᠴᠢᠯᠠᠩ ᠤᠨ ᠵᠡᠭᠦᠳᠤ ᠰᠢᠭ᠌
ᠭᠦᠷᠭᠦ ᠭᠠᠷᠠᠭ ᠤᠨ ᠰᠠᠴᠤᠷᠠᠭ ᠪᠢᠯᠠ᠃
ᠬᠤᠷ᠎ᠠ ᠶᠢᠨ ᠳᠠᠷᠠᠭᠠᠭᠢ ᠰᠤᠯᠤᠩᠭ᠎ᠠ ᠰᠢᠭ
ᠪᠦᠮᠪᠦᠷᠴᠡᠭ᠌ ᠢ ᠪᠦᠰᠡᠯᠡᠭ᠍ᠰᠡᠨ ᠭᠦᠰᠡᠯᠡᠩ ᠲᠡᠶ ᠬᠡᠦᠬᠡᠳ
ᠠᠮᠢᠳᠠᠨ ᠤ ᠵᠢᠭᠠᠬᠠᠨ ᠦᠷ᠎ᠡ ᠰᠢᠭ᠌
ᠡᠭᠡ ᠶᠢ ᠪᠠᠨ ᠳᠤᠭᠤᠷᠢᠭᠰᠠᠨ ᠥᠭᠡᠳᠡ ᠲᠡᠶ ᠬᠡᠦᠬᠡᠳ
ᠳᠠᠩᠰᠤᠭ ᠪᠠᠢ᠌ᠭᠠᠯᠢ ᠶᠢᠨ ᠵᠤᠨ ᠰᠢᠭ
ᠳᠠᠪᠠ ᠵᠤᠷᠢᠭ ᠶᠢᠡᠷ ᠶᠢᠡᠨ ᠳᠡᠯᠭᠡᠷᠡᠭ᠍ᠰᠡᠨ ᠦᠷ᠎ᠡ
ᠳᠠᠭ᠎ᠠ ᠰᠠᠨᠠᠭ᠎ᠠ ᠪᠠᠷ ᠶᠢᠡᠨ ᠰᠠᠯᠠᠭᠠᠯᠠᠭᠰᠠᠨ ᠮᠦᠴᠢᠷ
ᠳᠠ ᠪᠦᠭᠦᠳᠡ ᠶᠢᠨ ᠠᠮᠢᠠᠳᠠᠢ
ᠳᠠᠷᠭᠢᠯᠠᠭᠰᠠᠨ ᠠᠮᠢᠳᠤᠷᠠᠯ ᠤᠨ ᠭᠢᠨᠢ
ᠠᠮᠢᠳᠤ ᠡᠷᠳᠡᠨᠢ ᠶᠢᠨ ᠭᠠᠯ
ᠠᠯᠳᠠᠨ ᠦᠷᠭᠦᠭᠡ ᠶᠢᠨ ᠭᠢᠨᠢ
ᠮᠦᠩᠭᠦᠨ ᠬᠤᠩᠬᠤ ᠶᠢᠨ ᠳᠤᠤᠨᠢᠯ
ᠣᠤᠬᠠᠢ᠂ ᠬᠡᠦᠬᠡᠳ ᠤᠳ ᠮᠢᠨᠢ
ᠡᠷᠭᠡᠯᠡ᠂ ᠡᠷᠭᠡᠯᠡ᠂ ᠡᠷᠭᠡᠯᠡ︕
ᠡᠪᠦᠷ ᠳᠡᠭᠡᠷ᠎ᠡ ᠨᠢ ᠭᠠᠷᠴᠤ ᠡᠷᠭᠡᠯᠡ
ᠡᠨᠡ ᠪᠠᠶᠠᠷ ᠤᠨ ᠡᠳᠦᠷ ᠵᠢᠠᠨ
ᠡᠩᠭᠡᠷ ᠮᠢᠯᠢᠶᠠᠨ ᠨᠠᠭᠠᠳᠤᠭᠠᠷᠠᠢ︕
ᠵᠤᠬᠢᠶᠠᠭᠴᠢ ᠶᠢᠨ ᠬᠠᠶᠢᠭ᠄ ᠣᠯᠠᠭᠠᠢ ᠬᠠᠮᠢᠶᠠᠷᠤᠯᠳᠠ ᠶᠢᠨ ᠣᠷᠤᠨ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ