☆ ᠭ·ᠪᠠᠯᠵᠠᠢ
ᠮᠠᠷᠳᠠᠬᠤ ᠶᠢᠨ ᠳᠤᠩᠬᠠᠭ
ᠣᠴᠠᠷᠠᠮᠠᠭᠴᠠ ᠵᠢᠷᠦᠭᠡᠨ ᠳᠤ ᠰᠢᠩᠭᠡᠭ᠍ᠰᠡᠨ ᠳᠦᠷᠢ ᠶᠢ ᠴᠢᠨᠢ ᠵᠢᠷᠤᠵᠤ
ᠥᠭᠡᠢ᠌ᠯᠡᠵᠤ ᠰᠠᠭᠤᠭᠰᠠᠨ ᠡᠳᠦᠷ ᠤᠨ ᠳᠤᠭ᠎ᠠ ᠪᠠᠨ ᠳᠤᠷᠠᠰᠤᠯ ᠶᠢᠡᠷ ᠭᠡᠯᠭᠢᠵᠤ
ᠴᠠᠰᠤ ᠲᠡᠶ ᠰᠦᠨᠢ ᠶᠢᠨ ᠨᠢᠭᠤᠴᠠᠬᠠᠨ ᠬᠠᠢ᠌ᠷ᠎ᠠ ᠶᠢᠨ ᠵᠡᠭᠦᠳᠤ ᠪᠠᠨ ᠳᠡᠭᠦᠵᠤ
ᠴᠠᠢ᠌ᠯᠭᠠᠨ ᠰᠡᠳᠭᠢᠯ ᠤᠨ ᠴᠢᠮ᠎ᠠ ᠪᠠᠨ ᠬᠠᠢ᠌ᠷᠠᠯᠠᠳᠠᠭ ᠲᠠᠭᠠᠨ ᠮᠠᠷᠳᠠᠶ᠎ᠠ ᠮᠠᠷᠳᠠᠶ᠎ᠠ
ᠣᠷᠤᠭᠤᠯ ᠤᠨ ᠴᠢᠨᠢ ᠦᠨᠦᠰᠤᠯᠳᠠ ᠶᠢᠨ ᠣᠷᠤᠮ ᠶᠠᠪᠣᠴᠢᠬᠠᠬᠤ ᠡᠴᠡ ᠠᠶᠤᠵᠤ
ᠣᠭᠵᠢᠯᠴᠠᠵᠤ ᠣᠤᠭᠤᠭᠰᠠᠨ ᠴᠠᠢ ᠶᠢᠨ ᠠᠮᠳᠠ ᠵᠢᠯᠢ᠌ᠴᠢᠭᠡᠭᠦ ᠡᠴᠡ ᠭᠢᠴᠢᠶᠠᠵᠤ
ᠣᠶᠠᠷᠠᠨ ᠴᠤᠪᠣᠷᠠᠭᠰᠠᠨ ᠨᠢᠯᠪᠣᠰᠤᠨ ᠳᠤᠰᠤᠯ ᠢ ᠴᠢᠨᠢ ᠦᠨᠦᠷᠯᠠᠨ ᠬᠠᠳᠠᠭᠠᠵᠤ
ᠦᠨᠡᠠᠴᠢ ᠬᠠᠢ᠌ᠷ᠎ᠠ ᠶᠢᠨ ᠰᠤᠭᠳᠤᠭᠤᠷᠠᠯ ᠳᠤ ᠵᠢᠷᠭᠠᠳᠠᠭ ᠲᠠᠭᠠᠨ ᠮᠠᠷᠳᠠᠶ᠎ᠠ ᠮᠠᠷᠳᠠᠶ᠎ᠠ
ᠡᠩᠭᠡᠷ ᠢ ᠮᠢᠨᠢ ᠳᠠᠢ᠌ᠯᠤᠭᠰᠠᠨ ᠦᠳᠡᠰᠢ ᠶᠢᠨ ᠣᠳᠤᠳ ᠢ ᠰᠤᠷᠮᠤᠰᠤ ᠪᠠᠷ ᠶᠢᠡᠨ ᠪᠠᠶᠠᠰᠬᠠᠵᠤ
ᠡᠨᠡᠷᠢᠵᠤ ᠥᠭᠦᠭᠡᠷᠳᠦᠭ᠍ᠰᠡᠨ ᠵᠥᠭᠡᠯᠡᠨ ᠢᠯᠪᠢᠯ ᠳᠤ ᠴᠢᠨᠢ ᠣᠬᠠᠭᠠᠨ ᠰᠠᠷᠠᠵᠤ
ᠡᠯᠢᠭᠡᠨ ᠳᠤ ᠴᠢᠨᠢ ᠬᠠᠢ᠌ᠯᠤᠭᠰᠠᠨ ᠠᠭᠤᠰᠤᠯ ᠶᠢᠡᠨ ᠵᠦᠪᠰᠢᠶᠠᠷᠠᠨ ᠰᠡᠮᠭᠡᠨ ᠮᠡᠭ᠍ᠰᠢᠵᠤ
ᠡᠩᠬᠦᠷᠡᠢ ᠴᠢᠮ᠎ᠠ ᠪᠠᠨ ᠳᠤᠷᠠᠰᠤᠨ ᠭᠠᠩᠰᠠᠷᠠᠳᠠᠭ ᠲᠠᠭᠠᠨ ᠮᠠᠷᠳᠠᠶ᠎ᠠ ᠮᠠᠷᠳᠠᠶ᠎ᠠ
ᠪᠣᠷᠤᠭᠠᠨ ᠲᠡᠶ ᠡᠳᠦᠷ ᠤᠨ ᠪᠣᠯᠵᠤᠭᠠᠨ ᠤ ᠳᠤᠭᠳᠤᠯᠤᠯ ᠡᠯᠢᠭᠡ ᠰᠠᠮᠠᠴᠠᠵᠤ
ᠪᠣᠴᠠᠬᠤ ᠦᠭᠡᠶ ᠪᠣᠯᠳᠠᠯ᠎ᠠ ᠰᠡᠳᠭᠢᠯ ᠶᠢᠡᠷ ᠬᠠᠨᠢᠰᠤᠨ ᠬᠠᠷᠠᠮᠨᠠᠨ ᠦᠪᠡᠷᠴᠢᠯᠠᠵᠤ
ᠳᠠᠪᠢᠯᠠᠩ ᠳᠦᠭᠡᠷᠢᠭ᠍ᠰᠡᠨ ᠶᠢᠡᠨ ᠪᠣᠭᠤᠷᠤᠯ ᠣᠷᠴᠢᠯᠠᠩ ᠳᠤ ᠨᠤᠭᠳᠠᠭᠤᠯᠤᠨ ᠳᠡᠨᠡᠭ᠍ᠰᠢᠵᠤ
ᠳᠠᠩᠭᠢᠯ ᠳᠠᠭᠤᠨ ᠢ ᠴᠢᠨᠢ ᠴᠢᠩᠨᠠᠨ ᠪᠠᠶᠠᠰᠳᠠᠭ ᠲᠠᠭᠠᠨ ᠮᠠᠷᠳᠠᠶ᠎ᠠ ᠮᠠᠷᠳᠠᠶ᠎ᠠ
ᠰᠠᠯᠭᠢ ᠢᠰᠭᠡᠷᠦᠭ᠍ᠰᠡᠨ ᠭᠦᠢᠳᠡᠨ ᠰᠦᠨᠢ ᠶᠢ ᠳᠠᠪᠠᠷᠠᠯᠴᠠᠨ ᠳᠤᠯᠠᠭᠠᠴᠠᠭᠤᠯᠵᠤ
ᠰᠠᠢ᠌ᠬᠠᠨ ᠪᠦᠭᠦᠨ ᠤ ᠣᠷᠭᠢᠯ ᠢ ᠮᠠᠳᠠᠷᠠᠯᠴᠠᠨ ᠬᠠᠨᠤᠨ ᠵᠢᠷᠭᠠᠵᠤ
ᠤᠬᠢᠯᠠᠭᠠᠤᠨ ᠰᠠᠯᠤᠭᠰᠠᠨ ᠣᠶᠠᠷᠠᠯᠳᠤ ᠮᠦᠴᠡ ᠪᠠᠨ ᠬᠤᠷᠸ᠎ᠠ ᠳᠤ ᠮᠥᠩᠭᠡᠯᠡᠵᠤ
ᠦᠷᠦᠭᠡᠯ ᠤᠨ ᠭᠡᠷᠭᠡᠢ ᠪᠣᠯᠤᠭᠰᠠᠨ ᠶᠢᠡᠨ ᠣᠬᠠᠭᠠᠷᠠᠵᠤ ᠮᠠᠷᠳᠠᠶ᠎ᠠ ᠮᠠᠷᠳᠠᠶ᠎ᠠ
ᠡᠭᠦᠷᠢᠳᠡ ᠬᠠᠮᠳᠤ ᠭᠡᠰᠡᠨ ᠣᠶᠠᠷᠠᠯ ᠤᠨ ᠨᠠᠮᠬᠠᠨ ᠰᠢᠪᠢᠨᠡᠭᠡ ᠶᠢ ᠴᠢᠨᠢ ᠴᠡᠭᠡᠵᠢᠯᠡᠵᠤ
ᠡᠭᠦᠳᠡᠨ ᠳᠡᠭᠡᠷ᠎ᠡ ᠮᠢᠨᠢ ᠢᠷᠠᠵᠤ ᠳᠤᠭᠰᠢᠬᠤ ᠰᠠᠨ ᠭᠡᠰᠡᠨ ᠭᠦᠯᠢᠶᠡᠯᠳᠡ ᠳᠡᠭᠡᠨ ᠬᠠᠭᠤᠷᠳᠠᠵᠤ
ᠦᠨᠡᠠᠴᠢ ᠬᠠᠢ᠌ᠷ᠎ᠠ ᠶᠢᠨ ᠵᠢᠷᠭᠠᠯ ᠢ ᠡᠳ᠋ᠯᠡᠭ᠍ᠰᠡᠨ ᠡᠳᠦᠷ ᠤᠳ ᠶᠢᠡᠨ ᠳᠤᠷᠠᠰᠴᠤ
ᠦᠨᠢᠳᠠ ᠴᠢᠮ᠎ᠠ ᠪᠠᠨ ᠮᠠᠷᠳᠠᠬᠤ ᠦᠭᠡᠶ ᠶᠢᠨ ᠲᠦᠯᠦᠭᠡ ᠮᠠᠷᠳᠠᠶ᠎ᠠ ᠮᠠᠷᠳᠠᠶ᠎ᠠ
ᠵᠤᠬᠢᠶᠠᠭᠴᠢ ᠶᠢᠨ ᠬᠠᠶᠢᠭ ᠄ ᠰᠢᠠᠵᠢᠶᠠᠩ ᠪᠠᠶᠠᠠᠭᠤᠤᠯ ᠵᠸᠤ ᠡᡁᠸᠵᠢᠩ ᠰᠢᠶᠠᠨ ᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠭ·ᠪᠠᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ