☆ ᠴᠤᠭᠳᠤ
ᠵᠡᠭᠦᠳᠤᠨ ᠳᠤ ᠢᠷᠡᠭ᠍ᠰᠡᠨ ᠠᠳᠤᠭᠤ
ᠨᠢᠳᠤᠷᠭᠠᠨ ᠦᠶ᠎ᠡ ᠰᠢᠭ᠌ ᠥᠶᠡᠯᠵᠡᠭ᠍ᠰᠡᠨ
ᠳᠡᠷᠳᠡᠭᠡ ᠠᠭᠤᠯᠠ ᠶᠢᠨ ᠠᠮᠠ ᠪᠠᠷ
《ᠨᠢᠭᠤᠴᠠ ᠳᠤᠪᠴᠢᠶᠠᠨ》 ᠤ ᠠᠳᠤᠭᠤ
ᠳᠠᠪᠭᠢᠯᠳᠤᠨ ᠪᠣᠢ ᠪᠠᠷ ᠬᠠᠷᠠᠭᠳᠠᠨ᠎ᠠ
ᠴᠢᠩᠭᠢᠰ ᠤᠨ ᠠᠯᠳᠠᠨ ᠡᠮᠡᠭᠡᠯ ᠶᠢᠡᠷ
ᠬᠤᠷᠤᠢ ᠳᠠᠭᠤᠳᠠᠨ ᠠᠷᠭᠠᠳᠠᠵᠤ
ᠴᠡᠩᠭᠡᠷ ᠨᠤᠭᠤᠭᠠᠨ ᠳᠠᠯ᠎ᠠ ᠪᠠᠨ
ᠳᠤᠭᠤᠴᠠᠨ ᠪᠣᠢ ᠪᠠᠷ ᠰᠠᠨᠠᠭᠠᠯᠵᠠᠨ᠎ᠠ᠃
ᠠᠳᠤᠭᠤᠨ ᠵᠢᠰᠤᠮ ᠤᠨ ᠠᠭᠤᠯᠠᠰ
ᠨᠠᠷᠠᠨ ᠡᠴᠡ ᠢᠠᠴᠠᠭᠠᠯᠳᠤᠨ ᠣᠷᠭᠤᠵᠤ
ᠠᠷᠪᠠᠨ ᠭᠤᠷᠪᠠᠳᠤᠭᠠᠷ ᠵᠠᠭᠤᠨ
ᠨᠠᠮᠢ᠋ᠢ ᠡᠭᠢᠯᠡᠵᠤ ᠠᠰᠠᠭᠠᠨ᠎ᠠ᠃
ᠮᠦᠷᠦᠭᠡᠳᠦᠭᠦ ᠳ᠋ᠤ
ᠮᠦᠩᠭᠦᠨ ᠬᠠᠵᠠᠭᠠᠷ ᠨᠢ ᠬᠠᠩᠭᠢᠨᠠᠵᠤ
ᠮᠤᠷᠳᠠᠬᠤ ᠳ᠋ᠤ
ᠮᠤᠷᠢ ᠮᠢᠨᠢ ᠵᠦᠪ ᠡᠷᠭᠢᠨ᠎ᠡ᠃
ᠳᠤᠭ ᠨᠣᠢ᠌ᠷ ᠲᠠᠭᠠᠨ ᠪᠢ
ᠳᠤᠭ ᠠᠳᠬᠤᠨ ᠳᠠᠪᠭᠢᠨ᠎ᠠ
ᠳᠤᠮᠳᠠ ᠰᠦᠨᠢ ᠶᠢᠨ ᠵᠡᠭᠦᠳᠤᠨ ᠳ᠋ᠡᠭᠡᠨ
ᠳᠤᠭᠠᠯᠠᠯ ᠠᠷᠭᠠᠳᠠᠵᠤ ᠳᠠᠪᠭᠢᠨ᠎ᠠ᠃
ᠳᠡᠦᠭᠡ ᠣᠷᠤᠭᠤ
ᠳᠠᠰᠢᠭᠤᠷ ᠨᠠᠮᠠᠨ ᠳᠠᠪᠭᠢᠨ᠎ᠠ
ᠲᠦᠮᠡᠨ ᠠᠳᠤᠭᠤ ᠪᠠᠨ ᠬᠤᠷᠢᠶᠠᠭᠠᠤᠨ
ᠳᠠᠯ᠎ᠠ ᠨᠤᠳᠤᠭ ᠲᠠᠭᠠᠨ ᠪᠣᠴᠠᠨ᠎ᠠ ᠡ᠃
2009.8.16 ᠱᠠᠩᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ