ᠨᠡᠪᠲᠡᠷᠡᠨ ᠤᠷᠤᠬᠤ
ᠢᠳᠡᠭᠡᠨ ᠤᠮᠳᠠᠭᠠᠨ ᠶᠢᠠᠷ ᠨᠢᠭᠤᠷ ᠴᠢᠷᠠᠢ ᠶᠢᠨ ᠭᠤᠸᠠᠯᠢᠭ ᠶᠢᠠᠨ ᠬᠠᠮᠠᠭᠠᠯᠠᠬᠤ

1᠂ ᠳᠤᠭᠢᠷᠠᠮᠵᠢᠳᠠᠢ ᠭᠡᠮᠵᠢᠶᠡᠨ ᠤ ᠣᠰᠤ ᠣᠤᠭᠤᠬᠤ ᠶᠢ ᠪᠠᠳᠤᠯᠠᠬᠤ᠃ ᠭᠦᠮᠤᠨ ᠤ ᠪᠠᠶ᠎ᠠ ᠳᠤ ᠣᠰᠤᠨ ᠤ ᠠᠭᠤᠯᠬᠤᠨ ᠮᠠᠰᠢ ᠶᠡᠭᠡ ᠪᠠᠢ᠌ᠳᠠᠭ᠃ ᠭᠦᠮᠤᠨ ᠤ ᠪᠠᠶ᠎ᠠ ᠳᠤ ᠣᠰᠤ ᠳᠤᠳᠠᠭᠳᠠᠪᠠᠯ ᠠᠷᠠᠰᠤ ᠶᠢᠨ ᠠᠵᠢᠯᠯᠠᠭ᠎ᠠ ᠭᠡᠪ ᠤᠨ ᠪᠠᠢ᠌ᠳᠠᠯ ᠶᠢᠡᠨ ᠠᠯᠳᠠᠵᠤ ᠠᠷᠠᠰᠤᠨ ᠤ ᠬᠠᠷᠢᠮᠠᠬᠠᠢ ᠴᠢᠨᠠᠷ ᠪᠠᠭᠤᠷᠠᠵᠤ ᠠᠮᠠᠷᠬᠠᠨ ᠥᠷᠴᠢᠯᠡᠭᠡᠰᠤ ᠭᠠᠷᠤᠨ᠎ᠠ᠃ ᠡᠢ᠌ᠮᠤ ᠡᠴᠡ ᠭᠡᠦᠭᠡᠡᠴᠦᠳ ᠡᠳᠦᠷ ᠲᠤ 1200 ᠮᠢᠯᠢᠯᠢᠲ᠋ᠷ ᠭᠢᠷᠢᠳᠠᠢ ᠣᠰᠤ ᠣᠤᠭᠤᠬᠤ ᠴᠢᠬᠤᠯᠠᠳᠠᠢ ᠪᠠᠢ᠌ᠨ᠎ᠠ᠃

2᠂ ᠸᠢᠲ᠋ᠠᠮᠢᠨ ᠡᠯᠪᠠᠭ᠌ ᠠᠭᠤᠯᠤᠭᠰᠠᠨ ᠢᠳᠡᠭᠡᠨ ᠢ ᠥᠷᠭᠦᠯᠵᠢ ᠢᠳᠡᠭᠦ᠃ ᠸᠢᠲ᠋ᠠᠮᠢᠨ ᠤ ᠲᠦᠷᠦᠯ ᠪᠣᠯ ᠠᠷᠠᠰᠤᠨ ᠤ ᠥᠳᠡᠯᠭᠦ ᠶᠢ ᠰᠡᠷᠭᠡᠢ᠌ᠯᠡᠭᠦ ᠂ ᠨᠢᠭᠤᠷ ᠴᠢᠷᠠᠢ ᠶᠢᠨ ᠪᠣᠯᠪᠠᠷᠠᠢ ᠰᠠᠢ᠌ᠬᠠᠨ ᠳᠦᠷᠭᠦ ᠶᠢ ᠬᠠᠳᠠᠭᠠᠯᠠᠬᠤ ᠳᠤ ᠴᠢᠬᠤᠯᠠ ᠣᠢ᠌ᠯᠠᠳᠤᠯ ᠥᠵᠡᠭᠦᠯᠳᠡᠭ᠌᠃ ᠢᠯᠠᠩᠭ᠋ᠤᠶ᠎ᠠ ᠸᠢᠲ᠋ᠠᠮᠢᠨ E ᠪᠣᠯ ᠨᠢᠭᠤᠷ ᠴᠢᠷᠠᠢ ᠶᠢᠨ ᠠᠷᠠᠰᠤᠨ ᠳᠤ ᠬᠠᠯᠳᠠᠷ ᠰᠠᠭᠤᠬᠤ ᠪᠠ ᠥᠳᠡᠯᠭᠦ ᠶᠢ ᠰᠡᠷᠭᠡᠢ᠌ᠯᠡᠭᠦ ᠳᠤ ᠴᠢᠬᠤᠯᠠ ᠣᠢ᠌ᠯᠠᠳᠤᠯ ᠥᠵᠡᠭᠦᠯᠳᠡᠭ᠌᠃ ᠨᠠᠷᠠᠨ ᠬᠤᠸᠠᠷ ᠤᠨ ᠦᠷ᠎ᠡ᠂ ᠨᠠᠷᠠᠨ ᠬᠤᠸᠠᠷ ᠤᠨ ᠳᠤᠰᠤ ᠵᠡᠷᠭᠡ ᠳᠤ ᠸᠢᠲ᠋ᠠᠮᠢᠨ E ᠡᠯᠪᠠᠭ᠌ ᠠᠭᠤᠯᠳᠠᠭ᠃ ᠸᠢᠲ᠋ᠠᠮᠢᠨ A᠂ ᠸᠢᠲ᠋ᠠᠮᠢᠨ B2 ᠪᠣᠯ ᠮᠦᠨ ᠠᠷᠠᠰᠤ ᠶᠢ ᠴᠤᠭ ᠭᠡᠷᠡᠯᠳᠡᠢ ᠪᠠᠢ᠌ᠯᠭᠠᠬᠤ ᠴᠢᠬᠤᠯᠠ ᠣᠢ᠌ᠯᠠᠳᠤᠯ ᠲᠡᠶ᠃ ᠭᠦᠮᠤᠨ ᠤ ᠪᠠᠶ᠎ᠠ ᠳᠤ ᠸᠢᠲ᠋ᠠᠮᠢᠨ A ᠲ᠋ᠤᠳᠠᠭᠳᠠᠪᠠᠯ ᠠᠷᠠᠰᠤ ᠬᠠᠭᠤᠷᠠᠢ ᠪᠦᠳᠦᠭᠦᠯᠢᠭ᠌ ᠪᠣᠯᠳᠠᠭ᠃ ᠭᠦᠮᠤᠨ ᠤ ᠪᠠᠶ᠎ᠠ ᠳᠤ ᠸᠢᠲ᠋ᠠᠮᠢᠨ B2 ᠳᠤᠳᠠᠭᠳᠠᠪᠠᠯ ᠣᠷᠤᠭᠤᠯ ᠬᠠᠭᠤᠷᠠᠢ᠌ᠳᠠᠨ ᠬᠠᠭᠠᠷᠠᠬᠤ᠂ ᠵᠠᠪᠠᠵᠢ ᠴᠠᠭᠠᠨ ᠪᠣᠯᠬᠤ ᠵᠡᠷᠭᠡ ᠢᠯᠠᠷᠠᠯ ᠭᠠᠷᠳᠠᠭ᠃ ᠠᠮᠢᠳᠠᠨ ᠤ ᠡᠯᠢᠭᠡ᠂ ᠰᠥ᠋᠂ ᠦᠷᠦᠮ᠎ᠡ᠂ ᠵᠢᠭᠦᠷᠳᠡᠨ ᠤ ᠥᠡᠳᠡᠭᠡ ᠳᠤ ᠸᠢᠲ᠋ᠠᠮᠢᠨ A ᠡᠯᠪᠠᠭ᠌ ᠠᠭᠤᠯᠵᠤ᠂ ᠠᠮᠢᠳᠠᠨ ᠤ ᠡᠯᠢᠭᠡ᠂ ᠪᠦᠭᠡᠷ᠎ᠡ᠂ ᠵᠢᠷᠦᠭᠡ᠂ ᠥᠡᠳᠡᠭᠡ᠂ ᠰᠥ᠋ ᠳᠤ ᠸᠢᠲ᠋ᠠᠮᠢᠨ B2 ᠡᠯᠪᠠᠭ᠌ ᠠᠭᠤᠯᠤᠨ᠎ᠠ᠃

3᠂ ᠳᠠᠮᠤᠷ ᠠᠭᠤᠯᠤᠭᠰᠠᠨ ᠢᠳᠡᠭᠡᠨ ᠢ ᠢᠯᠡᠭᠦᠤ ᠢᠳᠡᠭᠦ᠃ ᠳᠠᠮᠤᠷ ᠪᠣᠯ ᠴᠢᠰᠤᠨ ᠤ ᠣᠯᠠᠭᠠᠨ ᠡᠳ᠋ ᠤᠨ ᠭᠤᠤᠯ ᠪᠦᠷᠢᠯᠳᠦᠭᠦᠨ ᠪᠣᠯᠳᠠᠭ ᠳᠤᠯᠠ ᠳᠠᠮᠤᠷ ᠠᠭᠤᠯᠤᠭᠰᠠᠨ ᠢᠳᠡᠭᠡᠨ ᠢ ᠠᠷᠪᠢᠨ ᠢᠳᠠᠵᠤ ᠪᠠᠶ᠎ᠠ ᠶᠢᠨ ᠴᠢᠰᠤᠨ ᠤ ᠭᠡᠮᠵᠢᠶ᠎ᠡ ᠭᠦᠢᠴᠡᠳ ᠪᠠᠢ᠌ᠬᠤ ᠶᠢ ᠪᠠᠳᠤᠯᠠᠬᠤ ᠨᠢ ᠣᠯᠠᠪᠣᠷ ᠭᠤᠸᠠᠯᠢᠭ ᠴᠢᠷᠠᠢ ᠪᠠᠨ ᠬᠠᠮᠠᠭᠠᠯᠠᠬᠤ ᠴᠢᠬᠤᠯᠠ ᠣᠢ᠌ᠯᠠᠳᠤᠯ ᠲᠡᠶ ᠪᠠᠢ᠌ᠳᠠᠭ᠃

ᠡᠭᠦᠨ ᠡᠴᠡ ᠭᠠᠳᠠᠨ᠎ᠠ ᠰᠢᠨ᠎ᠠ ᠰᠤᠷᠭᠤᠭ ᠨᠤᠭᠤᠭ᠎ᠠ ᠪᠠ ᠠᠯᠮᠤᠷᠠᠤᠨ᠂ ᠠᠯᠢᠮ᠎ᠠ ᠵᠡᠷᠭᠡ ᠶᠢ ᠢᠯᠡᠭᠦᠭᠡᠨ ᠢᠳᠡᠭᠦ ᠴᠢᠬᠤᠯᠠ ᠲᠡᠶ᠃


ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 17781
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ