☆ ᠨᠠᠰᠤᠠᠪᠠᠭᠠᠳᠤᠷ ᠡᠮᠭᠡᠳᠭᠡᠪᠡ
ᠰᠢᠭᠦᠰᠤᠨ ᠤ ᠢᠷᠦᠭᠡᠯ
ᠣᠮ ᠰᠠᠢ᠌ᠨ ᠠᠮᠤᠭᠤᠯᠠᠩ ᠲᠦᠮᠡᠨ ᠪᠣᠯᠳᠤᠭᠠᠢ
ᠡᠩᠭᠡ ᠰᠠᠢ᠌ᠨ ᠵᠢᠷᠭᠠᠯᠠᠩ ᠲᠦᠮᠡᠨ ᠪᠣᠯᠳᠤᠭᠠᠢ
ᠠᠯᠳᠠᠨ ᠥᠯᠦᠭᠡᠢ ᠨᠤᠳᠤᠭ ᠵᠢᠠᠷ
ᠪᠠᠯᠴᠢᠭᠡᠷ ᠶᠤᠭᠡᠨ ᠪᠣᠯᠭᠠᠠᠠᠰᠠᠨ
ᠷᠠᠰᠢᠶᠠᠨ ᠪᠣᠯᠠᠭ ᠤᠨ ᠣᠰᠤ ᠪᠠᠷ
ᠣᠮᠳᠠᠭᠠᠨ ᠶᠤᠭᠠᠨ ᠪᠣᠯᠭᠠᠠᠠᠰᠠᠨ
ᠲᠦᠮᠡᠨ ᠬᠤᠨᠢᠨ ᠤ ᠳᠤᠳᠤᠷ᠎ᠠ ᠡᠴᠡ
ᠳᠦᠷᠦᠭᠦᠯᠤᠨ ᠳᠦᠯᠵᠢᠵᠤ ᠦᠰᠦᠩᠰᠠᠨ
ᠥᠭᠡᠭᠦᠨ ᠪᠦᠮᠪᠦᠭᠡ ᠮᠠᠳᠤ ᠳᠠᠷᠭᠤᠯᠠᠠᠠᠰᠠᠨ
ᠥᠡᠳᠡᠭᠡᠨ ᠴᠠᠭᠠᠨ ᠬᠤᠨᠢ ᠮᠢᠨᠢ
ᠣᠷᠠᠨ ᠰᠠᠢ᠌ᠬᠠᠨ ᠬᠤᠩᠰᠢᠶᠠᠷ ᠲᠡᠶ
ᠦᠨᠦᠰᠤᠮᠠ ᠰᠠᠢ᠌ᠬᠠᠨ ᠬᠠᠮᠠᠷ ᠲᠡᠶ
ᠳᠡᠭᠡᠭᠡ ᠡᠪᠠᠷ ᠲᠡᠶ
ᠳᠡᠪᠢᠭᠡᠷ ᠴᠢᠭᠢ ᠲᠡᠶ
ᠠᠯᠠᠭ ᠨᠤᠮᠢᠨ ᠨᠢᠳᠤ ᠲᠡᠶ
ᠠᠴᠢᠳᠤ ᠳᠦᠷᠪᠡᠨ ᠳᠤᠭᠤᠷᠠᠢ ᠲᠡᠶ
ᠬᠠᠨ᠎ᠠ ᠶᠢᠨ ᠴᠢᠨᠡᠭᠡᠨ ᠪᠠᠶ᠎ᠠ ᠲᠡᠶ
ᠬᠠᠪᠬᠠᠭᠠᠰᠤ ᠴᠢᠨᠡᠭᠡᠨ ᠰᠡᠭᠦᠯ ᠲᠡᠶ
ᠠᠮᠠ ᠵᠢᠷᠭᠤᠭᠠᠨ ᠭᠦᠵᠦᠭᠦᠤ ᠲᠡᠶ
ᠠᠷᠪᠠᠨ ᠬᠤᠶᠠᠷ ᠰᠡᠭᠡᠷ ᠲᠡᠶ
ᠬᠤᠷᠢᠨ ᠳᠦᠷᠪᠡᠨ ᠬᠠᠪᠢᠷᠭ᠎ᠠ ᠲᠡᠶ
ᠬᠤᠳᠤᠭᠤᠷ ᠨᠢ᠋ᠮᠠᠨ ᠨᠢᠷᠤᠭᠤ ᠲᠡᠶ
ᠣᠬᠤᠷ ᠳᠦᠷᠪᠡᠨ ᠰᠥᠪᠠᠷᠭᠡ ᠲᠡᠶ
ᠬᠤᠯᠤᠭᠠᠨ᠎ᠠ ᠵᠢᠯ ᠬᠤᠷᠠᠭᠠᠯᠠᠵᠤ
ᠥᠭᠡᠷ ᠵᠢᠯ ᠥᠡᠵᠢᠭ᠍ᠰᠡᠨ
ᠪᠠᠷᠰ ᠵᠢᠯ ᠪᠠᠷᠢᠵᠤ
ᠳᠠᠤᠯᠠᠢ ᠵᠢᠯ ᠳᠠᠮᠠᠭᠠᠯᠠᠠᠠᠰᠠᠨ
ᠰᠢᠯᠢ ᠭᠠᠵᠠᠷ ᠪᠠᠯᠴᠢᠭᠡᠷ ᠲᠡᠶ
ᠰᠡᠷᠢᠭᠦᠨ ᠣᠰᠤ ᠪᠠᠷ ᠣᠰᠤᠯᠠᠠᠠᠰᠠᠨ
ᠭᠦᠪᠳᠤ ᠭᠠᠵᠠᠷ ᠪᠠᠯᠴᠢᠭᠡᠷ ᠲᠡᠶ
ᠭᠦᠢᠳᠡᠨ ᠣᠰᠤ ᠪᠠᠷ ᠣᠰᠤᠯᠠᠠᠠᠰᠠᠨ
ᠭᠦᠭᠡᠨ᠎ᠡ ᠳᠡᠭᠡᠷ᠎ᠡ ᠣᠶᠠᠭ᠎ᠠ ᠦᠭᠡᠶ
ᠬᠡᠦᠬᠡᠳ ᠪᠠᠭᠠᠴᠤᠳ ᠬᠠᠪᠢᠳᠠᠭ᠎ᠠ ᠦᠭᠡᠶ
ᠮᠢᠩᠭ᠋ᠠᠨ ᠬᠤᠨᠢᠨ ᠤ
ᠮᠡᠡᠭᠯᠡᠢ ᠳᠤ ᠶᠠᠪᠣᠳᠠᠭ
ᠲᠦᠮᠡᠨ ᠬᠤᠨᠢᠨ ᠤ
ᠳᠦᠷᠦᠭᠦᠨ ᠳᠤ ᠶᠠᠪᠣᠳᠠᠭ
ᠮᠠᠩᠬᠠᠨ ᠴᠠᠭᠠᠨ ᠬᠤᠨᠢᠨ ᠤ ᠪᠠᠨ
ᠮᠠᠩᠨᠠᠢ ᠴᠠᠭᠠᠨ ᠵᠤᠮ᠎ᠠ ᠪᠣᠯᠭᠠᠵᠤ
ᠪᠣᠶᠠᠨ ᠳᠡᠯᠭᠡᠷ ᠳᠤᠭᠤᠭᠠᠨ ᠳᠤ ᠪᠠᠨ
ᠪᠣᠷᠤᠯᠭᠤᠯᠠᠨ ᠴᠢᠨᠠᠵᠤ
ᠵᠢᠶᠠᠭᠠᠨ ᠭᠡᠭ᠍ᠰᠢᠳᠤ ᠳᠠᠪᠰᠢ ᠳᠤ ᠪᠠᠨ
ᠵᠢᠠᠠᠰᠠᠭᠠᠨ ᠦᠷᠦᠵᠤ ᠵᠢᠠᠠᠰᠠᠵᠤ ᠴᠢᠮᠡᠭᠡᠳ
ᠽᠠᠠᠳᠠᠨ ᠰᠢᠷᠡᠭᠡᠨ ᠳᠡᠭᠡᠷ᠎ᠡ ᠪᠠᠨ
ᠡᠷᠭᠦᠨ ᠳᠠᠯᠪᠢᠵᠤ ᠰᠥᠭᠦᠷᠡᠭᠡᠳ
ᠣᠭᠤᠷᠠᠭ ᠰᠡᠭᠦᠯ ᠤᠨ ᠣᠷᠳᠤᠭᠤᠷ
ᠬᠤᠨ ᠱᠠᠭᠠᠠᠳᠤ ᠶᠢᠨ ᠬᠣᠢ᠌ᠭᠤᠷ
ᠳᠤᠷᠭᠠᠨ ᠢᠷ ᠲᠡᠶ ᠬᠢᠲᠤᠭ᠎ᠠ ᠪᠠᠷ
ᠳᠦᠭᠡᠯᠡᠨ ᠡᠰᠭᠡᠵᠤ ᠭᠦᠡᠳᠡᠭᠡᠳ
ᠡᠷᠳᠡ ᠳᠡᠭᠡᠳᠤ ᠶᠢᠨ ᠢᠷᠦᠭᠡᠯ ᠶᠢᠡᠷ
ᠡ᠊ᠨᠳᠡ ᠴᠤᠠᠠᠯᠠᠷᠠᠨ ᠵᠤᠯᠭᠠᠵᠤ
ᠠᠪᠣ ᠡᠵᠢ ᠳᠦᠷᠦᠭᠦᠳᠡᠢ
ᠠᠬᠠᠮᠠᠤᠨ ᠶᠡᠭᠡᠰ ᠳᠠ ᠨᠡᠷ ᠲᠤ
ᠠᠬ᠎ᠠ ᠳᠡᠭᠦᠤ ᠡᠭᠡᠴᠢ ᠳᠡᠭᠦᠤ ᠳᠠᠶᠠᠭᠠᠷ ᠲᠤ
ᠠᠶᠠᠯᠠᠵᠤ ᠢᠷᠡᠭ᠍ᠰᠡᠨ ᠪᠦᠭᠦᠨ ᠳᠤ
ᠡᠵᠡᠨ ᠴᠢᠩᠭᠡᠰ ᠲᠤ ᠳᠡᠭᠡᠵᠢ ᠪᠣᠯᠤᠠᠠᠰᠠᠨ
ᠡᠡᠭ᠌ ᠤᠨ ᠭᠦᠮᠦᠰ ᠲᠤ ᠨᠠᠩᠴᠢᠳ ᠪᠣᠯᠤᠠᠠᠰᠠᠨ
ᠪᠣᠠᠠᠳᠠ ᠰᠠᠷᠠᠠᠤᠳ ᠶᠢᠡᠷ ᠭᠦᠴᠤᠨ ᠪᠣᠯᠭᠠᠵᠤ
ᠪᠣᠯᠭᠤᠠᠠᠰᠠᠨ ᠢᠷᠡᠭᠡᠨ ᠤ ᠳᠡᠭᠡᠵᠢ ᠪᠠᠨ ᠡᠷᠭᠦᠶ᠎ᠡ
ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ
ᠵᠤᠬᠢᠶᠠᠭᠴᠢ ᠶᠢᠨ ᠬᠠᠶᠢᠭ ᠄ ᠪᠠᠶᠠᠨᠠᠭᠠᠤᠷ ᠬᠤᠳᠠ ᠶᠢᠨ ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠨᠠᠰᠤᠠᠪᠠᠭᠠᠳᠤᠷ ᠡᠮᠭᠡᠳᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7493
ᠴᠠᠭ᠄ 2010 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ