ᠨᠡᠪᠲᠡᠷᠡᠨ ᠤᠷᠤᠬᠤ
ᠡᠪᠦᠭᠡᠨ ᠪᠤᠭᠤᠷᠤᠯ ᠪᠠᠭᠰᠢ ᠳᠠᠭᠠᠨ

(ᠳᠠᠭᠤᠤ ᠶᠢᠨ ᠥᠭᠡ)


ᠦᠨᠳᠦᠷ ᠳᠡᠭ᠍ᠷᠢ ᠶᠢᠨ ᠬᠠᠶᠠᠭ᠎ᠠ ᠪᠠᠷ

ᠡᠭᠦᠯᠡᠨ ᠳᠤᠯᠤᠭᠠᠢ ᠭᠦᠪᠪᠦᠯᠵᠡᠨ᠎ᠡ

ᠡᠨᠡᠷᠢᠯ ᠶᠡᠭᠡᠳᠡᠢ ᠪᠠᠭᠰᠢ ᠶᠢᠨ ᠮᠢᠨᠢ

ᠡᠷᠳᠡᠨᠢ ᠶᠢᠨ ᠰᠤᠷᠭᠠᠯ ᠨᠢ ᠪᠣᠳᠤᠭᠳᠠᠨ᠎ᠠ

ᠬᠠᠢ᠌ᠷ᠎ᠠ ᠶᠢᠨ ᠰᠢᠳᠦᠭᠡᠨ ᠪᠠᠭᠰᠢ ᠳᠠᠭᠠᠨ

ᠬᠠᠯᠠᠭᠤᠨ ᠮᠠᠠᠳᠤᠴᠢᠯᠠᠯ ᠭᠦᠷᠭᠡᠵᠤ ᠪᠠᠢ᠌ᠨ᠎ᠠ᠃


ᠠᠭᠤᠳᠠᠮ ᠳᠠᠯ᠎ᠠ ᠶᠢᠨ ᠦᠷᠦᠴᠠ ᠪᠠᠷ

ᠣᠰᠤᠨ ᠵᠡᠷᠭᠡᠯᠭᠡᠨ ᠮᠢᠷᠠᠯᠵᠠᠨ᠎ᠠ

ᠣᠶᠠᠬᠠᠨ ᠰᠠᠤᠠᠭᠢᠯᠳᠤ ᠪᠠᠭᠰᠢ ᠶᠢᠨ ᠮᠢᠨᠢ

ᠣᠴᠢᠷ ᠲᠡᠶ ᠰᠤᠷᠭᠠᠯ ᠨᠢ ᠰᠠᠨᠠᠭᠳᠠᠨ᠎ᠠ

ᠪᠢᠯᠢᠭ᠌ ᠤᠨ ᠰᠢᠳᠦᠭᠡᠨ ᠪᠠᠭᠰᠢ ᠳ᠋ᠠᠭᠠᠨ

ᠪᠠᠶᠠᠷ ᠤᠨ ᠮᠠᠠᠳᠤᠴᠢᠯᠠᠯ ᠭᠦᠷᠭᠡᠵᠤ ᠪᠠᠢ᠌ᠨ᠎ᠠ᠃


ᠨᠠᠭᠤᠷ ᠪᠦᠷᠢᠳᠤ ᠶᠢᠨ ᠭᠦᠪᠠᠭᠡ ᠪᠠᠷ

ᠨᠠᠮᠤᠷ ᠤᠨ ᠰᠢᠪᠠᠭᠤᠳ ᠭᠠᠩᠭ᠋ᠠᠨᠠᠯᠳᠤᠨ᠎ᠠ

ᠨᠠᠰᠤᠳᠠᠨ ᠪᠣᠭᠤᠷᠠᠯ ᠪᠠᠭᠰᠢ ᠶᠢᠨ ᠮᠢᠨᠢ

ᠨᠠᠠᠳᠢᠨ ᠰᠤᠷᠭᠠᠯ ᠥᠭᠡᠢ᠌ᠯᠡᠭ᠍ᠳᠡᠨ᠎ᠡ

ᠡᠪᠦᠭᠡ ᠪᠣᠭᠤᠷᠤᠯ ᠪᠠᠭᠰᠢ ᠳ᠋ᠠᠭᠠᠨ

ᠡᠷᠭᠢᠮ ᠮᠠᠠᠳᠤᠴᠢᠯᠠᠯ ᠭᠦᠷᠭᠡᠵᠤ ᠪᠠᠢ᠌ᠨ᠎ᠠ᠃


ᠵᠤᠬᠢᠶᠠᠭᠴᠢ᠄ ᠴᠡᠴᠡᠭ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 2636
ᠴᠠᠭ᠄ 2005 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ