☆ ᠡ᠊·ᠳᠠᠮᠤᠷ
ᠨᠢᠭᠤᠴᠠ ᠪᠢᠰᠢ ᠨᠢᠭᠤᠴᠠ
ᠰᠠᠮ ᠰᠡᠮᠭᠡᠨ ᠦᠴᠢᠯ ᠡᠴᠡ
ᠰᠠᠮᠠᠷᠠᠵᠤ ᠬᠠᠢ᠌ᠷ᠎ᠠ ᠣᠷᠭᠤᠨ᠎ᠠ
ᠰᠡᠳᠭᠢᠯ ᠤᠨ ᠮᠢᠨᠢ ᠭᠠᠭᠴᠠ ᠮᠤᠳᠤᠨ ᠢ
ᠰᠡᠪᠳᠦᠭᠡᠵᠤ ᠴᠢ ᠵᠢᠮᠢᠰᠯᠠᠨᠠ
ᠣᠷᠴᠢᠯᠠᠩ ᠤᠨ ᠣᠯᠠᠨ ᠭᠤᠨᠢᠶᠠᠯ
ᠨᠠᠷᠠᠨ ᠤ ᠰᠠᠨᠠᠭ᠎ᠠ ᠊ᠭ᠍ᠬᠢᠷᠳᠦᠭᠡᠵᠤ
ᠴᠢᠷᠠᠢ ᠳᠡᠭᠡᠷ᠎ᠡ ᠴᠢᠨᠢ ᠣᠨᠠᠶᠠ ᠭᠡᠪᠠᠯ
ᠳᠤᠰᠤᠭᠠᠤᠨ ᠪᠢ ᠠᠪᠣᠶ᠎ᠠ
ᠣᠶᠠᠬᠠᠨ ᠽᠡᠡᠪᠦᠯᠢᠩ ᠤᠨ ᠵᠢᠷᠭᠠᠯ
ᠰᠠᠷᠠᠨ ᠤ ᠳᠤᠶᠠᠭ᠎ᠠ ᠪᠠᠷ ᠠᠰᠬᠠᠷᠠᠵᠤ
ᠨᠠᠮ᠎ᠠ ᠳᠡᠭᠡᠷ᠎ᠡ ᠢᠷᠡᠭ᠍ᠰᠡᠨ ᠴᠤ
ᠴᠢᠮ᠎ᠠ ᠳᠤ ᠪᠢ ᠭᠦᠷᠭᠡᠶ᠎ᠡ
ᠠᠯᠢᠮᠠᠨ ᠣᠯᠠᠭᠠᠨ ᠨᠠᠷᠠᠨ
ᠴᠢᠷᠠᠢ᠌ᠨ ᠳᠤ ᠴᠢᠨᠢ ᠳᠤᠭᠯᠠᠵᠤ ᠨᠠᠭᠠᠳᠤᠨ᠎ᠠ
ᠬᠠᠰ ᠤᠨ ᠳᠤᠩᠭ᠋ᠠᠯᠠᠭ ᠰᠠᠷᠠᠨ
ᠮᠠᠯᠮᠠᠢ ᠳᠤ ᠴᠢᠨᠢ ᠰᠢᠩᠭᠡᠵᠤ ᠳᠡᠷᠭᠡᠯᠰᠢᠨ᠎ᠡ
ᠲ᠋ᠠᠯ᠎ᠠ ᠶᠢᠨ ᠣᠯᠠᠭᠠᠨ ᠰᠠᠷᠠᠯᠠᠩ ᠶᠢᠡᠷ
ᠪᠠᠯᠡᠭ᠌ ᠪᠠᠷᠢᠬᠤ ᠶᠢ ᠰᠠᠨᠠᠭᠰᠠᠨ ᠴᠤ
᠊ᠭ᠍ᠬᠢᠷ ᠦᠭᠡᠶ ᠴᠠᠭᠠᠬᠠᠨ ᠭᠠᠷ ᠢ ᠴᠢᠨᠢ
᠊ᠭ᠍ᠬᠢᠷᠳᠦᠭᠡᠭᠦ ᠡᠴᠡ ᠠᠶᠤᠵᠤ ᠴᠢᠳᠠᠭᠰᠠᠨ ᠦᠭᠡᠶ
ᠰᠠᠨᠠᠭᠠᠨ ᠤ ᠣᠯᠠᠨ ᠥᠭᠡ ᠪᠠᠨ
ᠰᠡᠮᠡᠭᠡᠷ ᠰᠢᠪᠠᠨᠡᠭᠦ ᠶᠢ ᠳᠤᠷᠠᠯᠠᠭᠰᠠᠨ ᠴᠤ
ᠰᠥ᠋ ᠴᠠᠢ᠌ᠯᠭᠠᠨ ᠠᠷᠠᠠᠰᠢᠨ ᠢ ᠴᠢᠨᠢ
ᠭᠦᠡᠳᠡᠭᠦ ᠡᠴᠡ ᠡᠮᠢᠶᠡᠵᠤ ᠭᠡᠯᠡᠭ᠍ᠰᠡᠨ ᠦᠭᠡᠶ
ᠮᠦᠰᠢᠶᠠᠨ ᠬᠤᠯᠠᠳᠠᠭᠰᠠᠨ ᠪᠠᠷ᠎ᠠ ᠶᠢ ᠴᠢᠨᠢ
ᠰᠦᠨᠠᠰᠤ ᠮᠢᠨᠢ ᠳᠠᠭᠠᠭᠠᠤᠨ ᠵᠠᠢ᠌ᠯᠠᠵᠠᠢ
ᠭᠡᠵᠢᠶᠡᠳᠡ ᠡᠷᠭᠢᠭᠦ ᠦᠭᠡᠶ ᠳᠦᠷᠭᠦ ᠴᠢᠨᠢ
ᠮᠥᠩᠭᠡ ᠰᠡᠢ᠌ᠯᠦᠭ᠍ᠳᠡᠭᠡᠳ ᠬᠤᠴᠤᠷᠴᠠᠢ
ᠵᠤᠬᠢᠶᠠᠭᠴᠢ ᠶᠢᠨ ᠬᠠᠶᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 07 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ