ᠨᠡᠪᠲᠡᠷᠡᠨ ᠤᠷᠤᠬᠤ
ᠬᠠᠪᠣᠷ ᠪᠣᠯᠵᠠᠢ

ᠬᠠᠪᠣᠷ ᠪᠣᠯᠵᠠᠢ

ᠴᠠᠰᠤ

ᠴᠠᠭ ᠠᠯᠳᠠᠯ ᠦᠭᠡᠶ ᠬᠠᠢ᠌ᠯᠵᠤ ᠰᠠᠮᠠᠷᠠᠨ᠎ᠡ

ᠨᠠᠮ᠎ᠠ ᠶᠢ ᠴᠢᠮ᠎ᠠ ᠲᠡᠶ ᠣᠴᠠᠷᠠᠭ ᠭᠡᠵᠤ

ᠨᠠᠷᠠ ᠶᠢ ᠳᠤᠰᠴᠤ ᠶᠠᠭᠠᠷᠠᠭᠰᠠᠨ ᠪᠣᠯᠤᠯᠳᠠᠢ᠃


ᠬᠠᠪᠣᠷ ᠪᠣᠯᠵᠠᠢ

ᠨᠤᠭᠤᠨ ᠰᠢᠪᠠᠭᠤᠳ ᠨᠢ

ᠨᠤᠳᠤᠭ ᠶᠢᠡᠨ ᠥᠭᠡᠢ᠌ᠯᠡᠨ ᠨᠡᠭᠦᠵᠤ ᠢᠷᠠᠨ᠎ᠡ

ᠳᠡᠭ᠍ᠷᠢ ᠶᠢᠨ ᠴᠡᠴᠡᠭ᠌

ᠳᠡᠭ᠍ᠷᠢ ᠳᠤ ᠪᠠᠨ ᠳᠡᠯᠭᠡᠷᠡᠵᠤ ᠡᠭᠢᠯᠡᠭᠦ ᠨᠢ ᠳᠠᠷᠠ ᠡ᠃


ᠬᠠᠪᠣᠷ ᠪᠣᠯᠵᠠᠢ

ᠨᠢᠯᠬ᠎ᠠ ᠨᠤᠭᠤᠭᠠᠤᠨ

ᠨᠢᠳᠤ ᠪᠠᠨ ᠨᠡᠭᠡᠭᠡᠭᠦ ᠭᠡᠵᠤ ᠭᠠᠵᠠᠷ ᠲᠤ ᠡᠷᠭᠡᠯᠡᠨ᠎ᠡ

ᠪᠢᠳᠠ ᠬᠤᠶᠠᠷ ᠤᠨ ᠭᠦᠳᠦᠯᠦᠯᠴᠡᠵᠤ ᠶᠠᠪᠣᠬᠤ ᠶᠢ ᠬᠠᠷᠠᠬᠤ ᠭᠡᠵᠤ

ᠪᠢᠰᠢᠭᠦᠢ ᠯᠠ ᠶᠡᠭᠡ ᠭᠦᠯᠢᠶᠡᠭ᠍ᠰᠡᠨ ᠪᠣᠯᠤᠯᠳᠠᠢ᠃


ᠬᠠᠪᠣᠷ ᠪᠣᠯᠵᠠᠢ

ᠣᠮᠠᠷ᠎ᠠ ᠶᠢᠨ ᠰᠠᠯᠭᠢᠨ

ᠣᠷᠤᠭᠰᠢ ᠢᠰᠭᠢᠷᠭᠦ ᠨᠢ ᠵᠥᠭᠡᠯᠡᠷᠡᠵᠤ ᠡᠭᠢᠯᠡᠨ᠎ᠡ

ᠰᠡᠳᠭᠢᠯ ᠤᠨ ᠥᠭᠡ ᠪᠠᠨ ᠴᠢᠮ᠎ᠠ ᠳᠤ ᠰᠢᠪᠠᠨᠡᠭᠦ ᠶᠢ ᠮᠢᠨᠢ

ᠰᠡᠮᠡᠭᠡᠨ ᠰᠤᠨᠤᠰᠬᠤ ᠭᠡᠰᠡᠨ ᠨᠢ ᠳᠠᠷᠠ ᠡ᠃


᠊᠊᠊᠊᠊᠊᠊᠊᠊᠊᠊᠊᠊᠊᠊ 2009.02.06

ᠪᠣᠷᠤᠪᠣᠯᠠᠭ ᠳᠤ



ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ