☆ ᠳ᠋·ᠴᠠᠰᠤᠨ᠎ᠠ
ᠰᠦ᠋ ᠶᠢᠨ ᠦᠨᠦᠷ ᠠᠩᠭᠢᠯᠤᠭᠰᠠᠨ ᠣᠯᠠᠭᠠᠠᠬᠤᠳᠠ ᠬᠤᠶᠠᠳᠤᠭᠠᠷ ᠰᠤᠷᠭᠠᠭᠤᠯᠢ ᠮᠢᠨᠢ
ᠠᠯᠳᠠᠨ ᠭᠢᠩᠭ᠋ᠠᠨ ᠤ ᠪᠠᠨ ᠳᠤᠷᠭᠠᠨ ᠦᠯᠦᠭᠡᠢ ᠳ᠋ᠤ
ᠳᠦᠭ᠌ ᠲᠦᠮᠡᠨ ᠮᠤᠩᠭ᠋ᠤᠯ ᠦᠷᠠᠰ ᠤᠨ ᠶᠢᠡᠨ ᠠᠯᠤᠰ ᠤᠨ ᠵᠠᠮ ᠢ ᠨᠢ ᠭᠡᠷᠡᠯᠳᠦᠭᠦᠯᠤᠨ ᠦᠭᠭᠦᠭ᠍ᠰᠡᠨ
ᠳᠠᠯ᠎ᠠ ᠶᠢᠨ ᠮᠤᠩᠭ᠋ᠤᠯᠴᠤᠳ ᠤᠨ ᠶᠢᠡᠨ ᠮᠠᠭᠳᠠᠭᠠᠯ ᠢ ᠣᠯᠵᠤ
ᠳᠠᠢ᠌ᠪᠣᠩ ᠠᠮᠤᠭᠤᠯᠠᠩ ᠨᠤᠳᠤᠭ ᠲᠠᠭᠠᠨ ᠰᠦ᠋ ᠶᠢᠨ ᠦᠨᠦᠷ ᠬᠠᠩᠬᠤᠯᠤᠭᠰᠠᠭᠠᠷ ᠪᠠᠢ᠌ᠨ᠎ᠠ
ᠠᠭᠤᠤ ᠳᠦᠷᠤ ᠶᠢᠨ ᠶᠢᠡᠨ ᠰᠦᠯᠳᠡ ᠳᠤ ᠲᠦᠰᠢᠵᠤ
ᠣᠯᠠᠨ ᠮᠤᠩᠭ᠋ᠤᠯᠴᠤᠳ ᠤᠨ ᠶᠢᠡᠨ ᠳᠠᠭᠠᠰᠢᠶᠠᠯ ᠢ ᠣᠯᠵᠤ
ᠠᠯᠤᠰ ᠲᠤ ᠳᠡᠭᠦᠯᠢᠭᠦ ᠠᠴᠢᠷ ᠮᠤᠩᠭ᠋ᠤᠯ ᠦᠷᠠᠰ ᠤᠨ ᠵᠢᠠᠨ
ᠠᠶᠠᠨ ᠵᠠᠮ ᠤᠨ ᠭᠠᠠᠵᠤᠭ᠎ᠠ ᠶᠢ ᠮᠢᠯᠢᠶᠠᠭᠰᠠᠨ ᠰᠤᠷᠭᠠᠭᠤᠯᠢ ᠮᠢᠨᠢ
ᠭᠦᠭᠡ ᠮᠥᠩᠭᠡ ᠳᠡᠭ᠍ᠷᠢ ᠶᠢᠨ ᠳᠤᠤᠷ᠎ᠠ
ᠭᠦᠴᠦᠷᠭᠡᠭ᠌ ᠪᠦᠷᠭᠦᠤᠨ ᠰᠢᠭ ᠳᠡᠭᠦᠯᠢᠵᠤ
ᠭᠦᠭ᠍ᠵᠢᠯᠳᠤ ᠮᠤᠩᠭ᠋ᠤᠯ ᠤᠨ ᠶᠢᠡᠨ ᠭᠦᠰᠡᠯ ᠭᠤᠯᠤᠮᠳᠠ ᠶᠢ ᠵᠠᠯᠬᠠᠭᠤᠯᠵᠤ
ᠭᠦᠭᠡᠮᠰᠦᠭ᠌ ᠣᠷᠭᠢᠯ ᠰᠢᠭ ᠮᠠᠯᠴᠢᠳ ᠤᠨ ᠶᠢᠡᠨ ᠰᠡᠳᠭᠢᠯ ᠳᠤ ᠰᠥᠡᠳᠡᠷᠯᠡᠭ᠍ᠰᠡᠭᠡᠷ ᠪᠠᠢ᠌ᠨ᠎ᠠ
ᠪᠣᠰᠤᠭ᠎ᠠ ᠮᠤᠩᠭ᠋ᠤᠯ ᠰᠤᠶᠤᠯ ᠶᠢᠡᠨ ᠮᠥᠩᠭᠡ ᠰᠢᠳᠦᠭ᠍ᠰᠡᠨ
ᠪᠣᠷᠬᠠᠨ ᠰᠡᠳᠭᠢᠯᠳᠤ ᠪᠠᠭᠰᠢ ᠨᠡᠷ ᠤᠨ ᠶᠢᠡᠨ ᠵᠢᠳᠭᠦᠯ ᠵᠢᠠᠷ
ᠪᠣᠯᠪᠠᠷᠠᠢ ᠣᠶᠤᠨ ᠢ ᠣᠮᠳᠠᠯᠠᠨ ᠣᠮᠳᠠᠯᠠᠵᠤ
ᠪᠣᠯᠪᠠᠰᠤᠨ ᠰᠤᠷᠤᠭᠴᠢᠳ ᠢ ᠭᠦᠮᠦᠵᠢᠭᠦᠯᠦᠭ᠍ᠰᠡᠭᠡᠷ ᠪᠠᠢ᠌ᠨ᠎ᠠ
ᠠᠯᠳᠠᠨ ᠭᠢᠩᠭ᠋ᠠᠨ ᠤ ᠪᠠᠨ ᠬᠠᠯᠠᠭᠤᠨ ᠡᠯᠢᠭᠡᠨ ᠳ᠋ᠤ
ᠠᠭᠳᠠ ᠶᠢᠨ ᠳᠤᠭᠤᠷᠠᠢ ᠳᠤᠰᠤᠭᠰᠠᠨ ᠭᠠᠵᠠᠷ ᠲᠤ
ᠠᠷᠠᠤᠨ ᠤᠨ ᠪᠠᠭᠰᠢ ᠶᠢᠨ ᠶᠢᠡᠨ ᠪᠣᠶᠠᠨ ᠳᠤ ᠰᠢᠳᠤᠵᠤ
ᠠᠷᠢᠭᠤᠨ ᠮᠤᠩᠭ᠋ᠤᠯ ᠰᠤᠶᠤᠯ ᠶᠢᠡᠨ ᠣᠯᠠᠮᠵᠢᠯᠠᠭᠰᠠᠭᠠᠷ ᠪᠠᠢ᠌ᠨ᠎ᠠ
ᠣᠷᠢᠬᠠᠨ ᠵᠦᠭᠡᠯᠡᠨ ᠰᠠᠯᠭᠢᠨ ᠤ ᠠᠶ᠎ᠠ ᠪᠠᠷ
ᠣᠯᠤᠰ ᠤᠨ ᠳᠤᠭ ᠨᠢ ᠨᠠᠮᠢᠷᠠᠨ ᠨᠠᠮᠢᠷᠠᠭᠠᠤᠨ
ᠠᠭᠤᠳᠠᠮ ᠳᠡᠨᠢᠭᠡᠷ ᠴᠠᠪᠠᠷ ᠳᠤᠭᠢᠯᠢᠭ ᠭᠦᠷᠢᠶᠡᠨ ᠳ᠋ᠤᠨᠢ
ᠠᠯᠢᠶ᠎ᠠ ᠭᠦᠭᠡᠷᠦᠭᠦᠨ ᠰᠤᠷᠤᠭᠴᠢᠳ ᠨᠢ ᠪᠠᠶᠠᠰᠤᠨ ᠪᠠᠶᠠᠰᠤᠯᠴᠠᠭᠰᠠᠨ
ᠡᠷᠳᠡᠨ ᠤ ᠢᠳᠡᠯᠢᠭ᠌ ᠰᠠᠢ᠌ᠬᠠᠨ ᠳᠤᠮᠤᠭ ᠶᠢᠡᠷ ᠵᠢᠠᠨ
ᠡᠩᠭᠦᠷᠡᠢ ᠬᠠᠢ᠌ᠷᠠᠳᠤ ᠰᠤᠷᠤᠭᠴᠢᠳ ᠶᠢᠡᠨ ᠭᠦᠮᠦᠵᠢᠭᠦᠯᠦᠭ᠍ᠰᠡᠨ
ᠠᠤᠭ᠎ᠠ ᠠᠯᠳᠠᠷᠳᠤ ᠮᠤᠩᠭ᠋ᠤᠯ ᠭᠡᠯᠡ ᠪᠠᠷ ᠵᠢᠠᠨ
ᠠᠷᠭᠠᠯ ᠤᠨ ᠭᠠᠯ ᠡᠴᠠ ᠭᠦᠢ ᠵᠠᠯᠭᠠᠭᠰᠠᠨ
ᠣᠯᠠᠭᠠᠬᠤᠳᠠ ᠬᠤᠶᠠᠳᠤᠭᠠᠷ ᠰᠤᠷᠭᠠᠭᠤᠯᠢ ᠡᠴᠠ ᠮᠢᠨᠢ
ᠰᠦ᠋ ᠶᠢᠨ ᠦᠨᠦᠷ ᠬᠠᠩᠬᠤᠯᠤᠭᠰᠠᠭᠠᠷ ᠪᠠᠢ᠌ᠨ᠎ᠠ ︕
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠣᠯᠠᠭᠠᠠᠬᠤᠳᠠ ᠬᠤᠶᠠᠳᠤᠭᠠᠷ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ
ᠵᠤᠬᠢᠶᠠᠭᠴᠢ᠄ ᠳ᠋·ᠴᠠᠰᠤᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2733
ᠴᠠᠭ᠄ 2012 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ