ᠨᠡᠪᠲᠡᠷᠡᠨ ᠤᠷᠤᠬᠤ
ᠶ‍ᠢᠷᠳᠢᠠᠴᠤ ᠶᠢᠨ ᠭᠤᠷᠪᠠ ᠶᠢᠨ ᠵᠢᠭᠰᠠᠯ

ᠥᠰᠭᠦ ᠳᠤ ᠰᠢᠳᠤ ᠴᠠᠭᠠᠨ

ᠥᠳᠡᠯᠭᠦ ᠳᠤ ᠦᠰᠦ ᠴᠠᠭᠠᠨ

ᠥᠭᠦᠭᠦ ᠳᠤ ᠶᠠᠰᠤ ᠴᠠᠭᠠᠨ


ᠬᠠᠷ᠎ᠠ ᠳᠡᠷᠢᠭᠦᠳᠡᠨ ᠤ ᠪᠣᠳᠤᠯᠭ᠎ᠠ ᠠᠢ᠌ᠬᠤᠪᠳᠤᠷ

ᠬᠠᠳᠠᠨ ᠵᠤᠷᠢᠭᠳᠠᠨ ᠤ ᠰᠦᠰᠦ ᠠᠢ᠌ᠬᠤᠪᠳᠤᠷ

ᠬᠠᠭᠠᠨ ᠨᠤᠶᠠᠠᠳᠠᠨ ᠤ ᠵᠠᠷᠯᠢᠭ ᠠᠢ᠌ᠬᠤᠪᠳᠤᠷ


ᠶᠠᠮᠤᠠᠳᠤ ᠭᠠᠵᠠᠷ ᠬᠠᠨ ᠠᠬᠠᠯᠠᠬᠤ

ᠱᠠᠵᠢᠠᠳᠤ ᠭᠠᠵᠠᠷ ᠯᠠᠮᠠ ᠠᠬᠠᠯᠠᠬᠤ

ᠨᠤᠮᠳᠤ ᠭᠠᠵᠠᠷ ᠪᠢᠴᠢᠭ᠍ᠳᠡᠨ ᠠᠬᠠᠯᠠᠬᠤ


ᠬᠠᠷ᠎ᠠ ᠣᠰᠤ ᠶᠢ ᠪᠣᠴᠠᠯᠭᠠᠪᠠᠴᠤ ᠱᠦᠯᠦ ᠠᠯᠠᠭ᠎ᠠ

ᠬᠠᠳᠠᠭᠰᠠᠨ ᠰᠢᠷᠪᠣᠰᠤ ᠶᠢ ᠢᠳᠠᠪᠠᠴᠤ ᠰᠢᠮ᠎ᠠ ᠠᠯᠠᠭ᠎ᠠ

ᠬᠠᠮᠠᠭᠤᠳᠤ ᠮᠠᠯ ᠢ ᠰᠠᠮᠨᠠᠪᠠᠴᠤ ᠨᠤᠤᠰᠤ ᠠᠯᠠᠭ᠎ᠠ


ᠦᠷᠢ ᠲᠡᠶ ᠭᠦᠮᠤᠨ ᠥᠭ᠍ᠴᠤ ᠠᠮᠠᠷᠠᠬᠤ

ᠦᠷ᠎ᠡ ᠲᠡᠶ ᠭᠦᠮᠤᠨ ᠥᠰᠭᠡᠵᠤ ᠠᠮᠠᠷᠠᠬᠤ

ᠡᠪᠡᠳᠴᠢᠨ ᠲᠡᠶ ᠭᠦᠮᠤᠨ ᠥᠭᠦᠵᠤ ᠠᠮᠠᠷᠠᠬᠤ


ᠬᠤᠪ ᠭᠡᠯᠡᠭ᠍ᠰᠡᠨ ᠭᠦᠮᠤᠨ ᠤ ᠬᠤᠰᠢᠭᠤ ᠠᠮᠠᠷᠠᠳᠠᠭ ᠥᠭᠡᠢ

ᠬᠤᠷᠭᠤᠯ ᠳᠦᠯᠡᠭ᠍ᠰᠡᠨ ᠭᠦᠮᠤᠨ ᠤ ᠬᠤᠷᠤᠭᠤ ᠠᠮᠠᠷᠠᠳᠠᠭ ᠥᠭᠡᠢ

ᠬᠤᠨᠢ ᠬᠠᠷᠢᠭᠤᠯᠤᠭᠰᠠᠨ ᠭᠦᠮᠤᠨ ᠤ ᠰᠡᠳᠭᠢᠯ ᠠᠮᠠᠷᠠᠳᠠᠭ ᠥᠭᠡᠢ


ᠨᠢᠳᠤᠨ ᠳᠤ ᠣᠷᠤᠭᠰᠠᠨ ᠬᠤᠭ ᠠᠳᠠ

ᠰᠢᠳᠤᠨ ᠳᠤ ᠣᠷᠤᠭᠰᠠᠨ ᠮᠢᠬ᠎ᠠ ᠠᠳᠠ

ᠮᠢᠬᠠᠨ ᠳᠤ ᠣᠷᠤᠭᠰᠠᠨ ᠥᠷᠭᠡᠰᠤ ᠠᠳᠠ


ᠬᠠᠷᠠᠮ ᠰᠡᠳᠭᠢᠯ ᠬᠠᠮᠳᠤ ᠳᠤ ᠠᠳᠠ

ᠬᠠᠳᠠᠭᠤ ᠰᠡᠳᠭᠢᠯ ᠪᠣᠰᠤᠳ ᠲᠤ ᠠᠳᠠ

ᠬᠠᠷ᠎ᠠ ᠰᠡᠳᠭᠢᠯ ᠪᠠᠶ᠎ᠠ ᠳᠤ ᠠᠳᠠ


ᠬᠤᠯᠠᠭᠠᠢ᠌ᠴᠢ ᠭᠦᠮᠤᠨ ᠴᠢᠨ᠋ᠸ᠎ᠠ ᠠᠳᠠᠯᠢ

ᠬᠤᠳᠠᠯᠴᠢ ᠭᠦᠮᠤᠨ ᠥᠨᠡᠭᠡ ᠠᠳᠠᠯᠢ

ᠬᠤᠪᠴᠢ ᠭᠦᠮᠤᠨ ᠨᠤᠬᠠᠢ ᠠᠳᠠᠯᠢ


ᠨᠤᠮ ᠦᠭᠡᠶ ᠯᠠᠮᠠ ᠬᠤᠷᠠᠯ ᠡᠴᠡ ᠠᠶᠤᠬᠤ

ᠨᠤᠯᠤᠤᠷ ᠦᠭᠡᠶ ᠢᠮᠠᠭ᠎ᠠ ᠭᠦᠢᠳᠡᠨ ᠡᠴᠡ ᠠᠶᠤᠬᠤ

ᠨᠤᠳᠤᠭ ᠦᠭᠡᠶ ᠳᠡᠨᠦᠭᠦᠯᠴᠢ ᠭᠦᠭᠡᠭᠡᠭᠦ ᠡᠴᠡ ᠠᠶᠤᠬᠤ


ᠶᠠᠪᠠᠭᠠᠨ ᠭᠦᠮᠤᠨ ᠳᠠᠪᠠᠭ᠎ᠠ ᠡᠴᠡ ᠠᠶᠤᠬᠤ

ᠶᠠᠩᠭᠢᠷ ᠢᠮᠠᠭ᠎ᠠ ᠭᠦᠢᠳᠡᠨ ᠡᠴᠡ ᠠᠶᠤᠬᠤ

ᠶᠠᠳᠠᠭᠤ ᠭᠦᠮᠤᠨ ᠭᠠᠢ᠌ᠯᠢ ᠡᠴᠡ ᠠᠶᠤᠬᠤ


ᠶᠠᠯ᠎ᠠ ᠲᠡᠶ ᠭᠦᠮᠤᠨ ᠬᠠᠤᠯᠢ ᠡᠴᠡ ᠠᠶᠤᠬᠤ

ᠢᠮᠠᠭ᠎ᠠ ᠲᠡᠶ ᠭᠦᠮᠤᠨ ᠬᠠᠮᠠᠭᠤ ᠡᠴᠡ ᠠᠶᠤᠬᠤ

ᠶᠠᠷ᠎ᠠ ᠲᠡᠶ ᠭᠦᠮᠤᠨ ᠬᠠᠯᠠᠭᠤᠨ ᠡᠴᠡ ᠠᠶᠤᠬᠤ


ᠡᠪᠦᠭᠡᠳ ᠭᠦᠭ᠍ᠰᠢᠳ ᠥᠭᠦᠭᠦ ᠪᠠᠷ ᠶᠢᠡᠨ ᠠᠶᠤᠯᠭᠠᠬᠤ

ᠬᠡᠦᠬᠡᠳ ᠦᠬᠢᠳ ᠣᠭᠢᠯᠠᠬᠤ ᠪᠠᠷ ᠶᠢᠡᠨ ᠠᠶᠤᠯᠭᠠᠬᠤ

ᠭᠡᠦᠭᠡᠨ ᠪᠠᠷᠢᠶᠠᠤᠨ ᠳᠤᠤᠭᠠᠷᠬᠤ ᠦᠭᠡᠶ ᠪᠠᠷ ᠶᠢᠡᠨ ᠠᠶᠤᠯᠭᠠᠬᠤ


ᠠᠯᠪᠠᠳᠤ ᠪᠣᠭᠤᠯ ᠤᠨ ᠨᠤᠶᠠᠤᠨ ᠨᠢ ᠠᠷᠪᠢᠨ

ᠠᠷᠠᠯ ᠤᠨ ᠱᠠᠷ ᠤᠨ ᠡᠵᠡᠨ ᠨᠢ ᠠᠷᠪᠢᠨ

ᠠᠯᠪᠠᠨ ᠨᠤᠶᠠᠤᠨ ᠤᠨ ᠵᠠᠷᠤᠴᠠ ᠨᠢ ᠠᠷᠪᠢᠨ


ᠵᠠᠭᠤᠴᠢ ᠭᠦᠮᠤᠨ ᠤ ᠵᠠᠯᠢ ᠨᠢ ᠠᠷᠪᠢᠨ

ᠵᠠᠪᠰᠢᠭᠴᠢ ᠭᠦᠮᠤᠨ ᠤ ᠮᠡᠭᠡ ᠨᠢ ᠠᠷᠪᠢᠨ

ᠵᠠᠷᠭᠤᠴᠢ ᠭᠦᠮᠤᠨ ᠤ ᠶᠤᠰᠤ ᠨᠢ ᠠᠷᠪᠢᠨ


ᠡᠴᠢᠭᠡ ᠳᠡᠭᠡᠨ ᠡᠷᠭᠡᠳᠡᠢ ᠬᠡᠦᠬᠡᠳ ᠭᠦᠯ ᠡᠪᠠᠦᠡᠴᠢᠳᠡᠢ

ᠡᠷ᠎ᠡ ᠳᠡᠭᠡᠨ ᠡᠷᠭᠡᠳᠡᠢ ᠡᠮᠡᠰ ᠳᠤᠯᠤᠭᠠᠢ ᠡᠪᠠᠦᠡᠴᠢᠳᠡᠢ

ᠡᠵᠡᠨ ᠳᠡᠭᠡᠨ ᠡᠷᠭᠡᠳᠡᠢ ᠵᠠᠷᠤᠴᠠ ᠡᠯᠳᠡᠪ ᠤᠨ ᠡᠪᠠᠦᠡᠴᠢᠳᠡᠢ


ᠪᠣᠷᠤᠭᠠᠨ ᠤ ᠡᠮᠤᠨ᠎ᠡ ᠰᠠᠯᠭᠢ ᠡᠯᠴᠢ

ᠪᠣᠤᠬᠠᠢ ᠶᠢᠨ ᠡᠮᠤᠨ᠎ᠡ ᠭᠡᠷᠢᠶ᠎ᠡ ᠡᠯᠴᠢ

ᠪᠣᠭᠳᠠ ᠶᠢᠨ ᠡᠮᠤᠨ᠎ᠡ ᠪᠠᠠᠳᠢ ᠡᠯᠴᠢ


ᠡᠮ᠎ᠡ ᠭᠦᠮᠤᠨ ᠡᠷ᠎ᠡ ᠦᠭᠡᠶ ᠪᠣᠯ ᠪᠠᠶ᠎ᠠ ᠳ᠋ᠤᠨᠢ ᠡᠵᠡᠨ ᠥᠭᠡᠢ

ᠡᠷ᠎ᠡ ᠭᠦᠮᠤᠨ ᠡᠮ᠎ᠡ ᠦᠭᠡᠶ ᠪᠣᠯ ᠭᠡᠷ ᠲᠤᠨᠢ ᠡᠵᠡᠨ ᠥᠭᠡᠢ

ᠡᠨᠡ ᠬᠤᠶᠠᠷ ᠤᠨ ᠦᠷ᠎ᠡ ᠦᠭᠡᠶ ᠪᠣᠯ ᠥᠳᠡᠯᠭᠦ ᠳ᠋ᠤᠨᠢ ᠡᠵᠡᠨ ᠥᠭᠡᠢ


ᠪᠣᠷᠬᠠᠨ ᠦᠭᠡᠶ ᠭᠠᠵᠠᠷ ᠪᠣᠮᠪᠣ ᠡᠵᠡᠮᠳᠡᠭᠦ

ᠪᠣᠬ᠎ᠠ ᠦᠭᠡᠶ ᠭᠠᠵᠠᠷ ᠪᠢᠷᠠᠭᠤ ᠡᠵᠡᠮᠳᠡᠭᠦ

ᠪᠣᠷᠤᠭᠠᠨ ᠦᠭᠡᠶ ᠭᠠᠵᠠᠷ ᠰᠢᠭᠦᠳᠡᠷᠢ ᠡᠵᠡᠮᠳᠡᠭᠦ


ᠬᠤᠳᠠᠯᠠ ᠣᠯᠠᠨ ᠢ ᠨᠠᠢ᠌ᠷᠯᠠᠯᠳᠤᠭᠤᠯᠬᠤ ᠡᠴᠡ ᠠᠷᠢᠭᠢ ᠨᠢᠭᠡ ᠡᠷᠭᠢᠮ

ᠬᠤᠶᠠᠷ ᠠᠢ᠌ᠯ ᠢ ᠣᠢ᠌ᠷᠠᠳᠤᠭᠤᠯᠬᠤ ᠡᠴᠡ ᠭᠡᠦᠭᠡᠨ ᠨᠢᠭᠡ ᠡᠷᠭᠢᠮ

ᠬᠤᠯᠠ ᠵᠠᠮ ᠢ ᠣᠢ᠌ᠷᠠᠳᠤᠭᠤᠯᠬᠤ ᠡᠴᠡ ᠭᠦᠯᠦᠭ᠌ ᠨᠢᠭᠡ ᠡᠷᠭᠢᠮ


ᠶᠤᠰᠤ ᠠᠷᠢᠭᠤᠨ ᠲᠦᠷᠦ ᠡᠷᠭᠢᠮ

ᠶᠠᠰᠤ ᠬᠠᠳᠠᠭᠤ ᠭᠦᠮᠤᠨ ᠡᠷᠭᠢᠮ

ᠶᠠᠮᠪᠠ ᠦᠭᠡᠶ ᠨᠤᠶᠠᠨ ᠡᠷᠭᠢᠮ


ᠳᠡᠯᠭᠡᠷᠡᠭᠦ ᠬᠠᠪᠣᠷ ᠤᠨ ᠢᠷᠡᠭᠦ ᠨᠢ ᠡᠷᠳᠡ

ᠳᠡᠭ᠍ᠵᠢᠷᠡᠭᠦ ᠠᠢ᠌ᠯ ᠤᠨ ᠪᠣᠰᠬᠤ ᠨᠢ ᠡᠷᠳᠡ

ᠳᠡᠪᠦᠯᠭᠦ ᠮᠠᠯ ᠤᠨ ᠳᠠᠷᠭᠤᠯᠠᠬᠤ ᠨᠢ ᠡᠷᠳᠡ


ᠥᠯᠦᠰᠭᠦ ᠳᠤ ᠥᠭᠡᠭᠦ ᠭᠤᠷᠪᠠᠨ ᠡᠷᠳᠡᠨᠢ

ᠳᠠᠭᠠᠷᠠᠬᠤ ᠳᠤ ᠳᠠᠬᠤ ᠭᠤᠷᠪᠠᠨ ᠡᠷᠳᠡᠨᠢ

ᠶᠠᠳᠠᠷᠠᠬᠤ ᠳᠤ ᠭᠦᠯᠦᠭ᠌ ᠭᠤᠷᠪᠠᠨ ᠡᠷᠳᠡᠨᠢ


ᠪᠠᠶᠠᠨ ᠭᠦᠮᠤᠨ ᠳᠤ ᠬᠤᠳᠠᠯᠳᠤᠭᠠᠴᠢᠨ ᠢᠨᠠᠭ

ᠪᠠᠭᠠᠷᠠᠩ ᠭᠦᠮᠤᠨ ᠳᠤ ᠨᠤᠬᠠᠢ ᠢᠨᠠᠭ

ᠪᠢᠯᠳᠠᠤᠴᠢ ᠭᠦᠮᠤᠨ ᠳᠤ ᠨᠤᠶᠠᠨ ᠢᠨᠠᠭ


ᠦᠶᠡᠷ ᠤᠨ ᠣᠰᠤ ᠢᠷᠠᠪᠠᠯ ᠡᠭᠦᠳᠡ ᠬᠣᠢ᠌ᠮᠤᠷ ᠢᠯᠭᠠᠯ ᠥᠭᠡᠢ

ᠥᠭᠦᠭᠦ ᠴᠠᠭ ᠢᠷᠠᠪᠠᠯ ᠭᠦᠭ᠍ᠰᠢᠨ ᠵᠠᠯᠠᠭᠤ ᠢᠯᠭᠠᠯ ᠥᠭᠡᠢ

ᠦᠯᠦᠨ ᠴᠢᠨ᠋ᠸ᠎ᠠ ᠢᠷᠠᠪᠠᠯ ᠢᠰᠢᠭᠡ ᠬᠤᠷᠠᠭ᠎ᠠ ᠢᠯᠭᠠᠯ ᠥᠭᠡᠢ


ᠢᠯᠢᠭᠦᠷ ᠳᠠᠮᠤᠷ ᠬᠤᠪᠴᠠᠰᠤᠨ ᠳᠠᠭᠠᠨ ᠣᠢ᠌ᠷ᠎ᠠ

ᠢᠷ ᠮᠠᠰᠠ ᠮᠢᠬᠠᠨ ᠳᠠᠭᠠᠨ ᠣᠢ᠌ᠷ᠎ᠠ

ᠢᠰᠡᠭᠡᠢ ᠮᠠᠯᠠᠭᠠᠢ ᠳᠤᠯᠤᠭᠠᠢ ᠳᠠᠭᠠᠨ ᠣᠢ᠌ᠷ᠎ᠠ


ᠭᠠᠬᠠᠢ ᠶᠢᠨ ᠬᠤᠩᠰᠢᠶᠠᠷ ᠭᠠᠵᠠᠷ ᠲᠤ ᠣᠢ᠌ᠷ᠎ᠠ

ᠭᠠᠪᠴᠤ ᠶᠢᠨ ᠬᠤᠩᠰᠢᠶᠠᠷ ᠵᠤᠪᠠᠯᠠᠩ ᠳᠤ ᠣᠢ᠌ᠷ᠎ᠠ

ᠭᠠᠯᠵᠠᠭᠤ ᠶᠢᠨ ᠬᠤᠩᠰᠢᠶᠠᠷ ᠭᠡᠷᠡᠭᠦᠯ ᠳᠤ ᠣᠢ᠌ᠷ᠎ᠠ


ᠪᠦᠭᠡ ᠪᠦᠭᠡ ᠶᠢᠨ ᠪᠦᠭ᠍ᠰᠢᠭᠦ ᠨᠢ ᠣᠠᠳᠤᠤ

ᠪᠦᠵᠦᠩᠭᠡᠢ ᠳᠠᠤᠯᠠᠢ ᠶᠢᠨ ᠭᠦᠶ‍ᠦᠭᠦ ᠨᠢ ᠣᠠᠳᠤᠤ

ᠪᠣᠬ᠎ᠠ ᠪᠣᠬ᠎ᠠ ᠶᠢᠨ ᠮᠥᠭᠡᠷᠡᠭᠦ ᠨᠢ ᠣᠠᠳᠤᠤ


ᠳᠡᠨᠦᠭᠦᠯᠴᠢ ᠭᠦᠮᠤᠨ ᠳᠤ ᠳᠠᠨᠢᠯ ᠣᠯᠠᠨ

ᠬᠤᠳᠠᠯᠴᠢ ᠭᠦᠮᠤᠨ ᠳᠤ ᠰᠢᠯᠳᠠᠭ ᠣᠯᠠᠨ

ᠪᠠᠳᠠᠷᠴᠢ ᠭᠦᠮᠤᠨ ᠳᠤ ᠳᠠᠭᠠᠷᠴᠤᠭ ᠣᠯᠠᠨ


ᠬᠠᠳᠠᠨ ᠰᠠᠢ᠌ᠳᠠᠢ ᠥᠨᠡᠭᠡ ᠨᠢᠭᠡ ᠣᠮᠤᠷᠬᠠᠭ

ᠬᠠᠳᠠᠮ ᠰᠠᠢ᠌ᠳᠠᠢ ᠭᠦᠷᠭᠡᠨ ᠨᠢᠭᠡ ᠣᠮᠤᠷᠬᠠᠭ

ᠬᠠᠷᠠᠴᠤ ᠰᠠᠢ᠌ᠳᠠᠢ ᠨᠤᠶᠠᠨ ᠨᠢᠭᠡ ᠣᠮᠤᠷᠬᠠᠭ


ᠡᠷᠳᠡᠨᠢ ᠤᠭ᠍ᠶᠤ ᠡᠯᠡᠭ᠍ᠳᠡᠭᠦ ᠳᠤᠳᠤᠮ ᠥᠩᠭᠡ ᠣᠷᠤᠬᠤ

ᠡᠷ᠎ᠡ ᠭᠦᠮᠤᠨ ᠵᠤᠪᠠᠬᠤ ᠳᠤᠳᠤᠮ ᠣᠬᠠᠭ᠎ᠠ ᠣᠷᠤᠬᠤ

ᠡᠮᠨᠢᠭ᠌ ᠮᠤᠷᠢ ᠣᠨᠤᠬᠤ ᠳᠤᠳᠤᠮ ᠶᠠᠪᠣᠳᠠᠯ ᠣᠷᠤᠬᠤ


ᠠᠭᠰᠤᠮ ᠮᠤᠷᠢᠨ ᠤ ᠵᠤᠤᠵᠠᠢ ᠨᠢ ᠣᠯᠠᠭᠠᠨ

ᠠᠯᠠᠭᠠᠴᠢ ᠭᠦᠮᠤᠨ ᠤ ᠭᠠᠠᠵᠤᠭ᠎ᠠ ᠨᠢ ᠣᠯᠠᠭᠠᠨ

ᠠᠯᠠᠭᠰᠠᠨ ᠮᠠᠯ ᠤᠨ ᠴᠢᠰᠤ ᠨᠢ ᠣᠯᠠᠭᠠᠨ


ᠪᠣᠷᠵᠠᠩᠳᠤ ᠳᠡᠭ᠍ᠷᠢ ᠶᠢᠨ ᠬᠠᠶᠠᠭ᠎ᠠ ᠣᠯᠠᠭᠠᠨ

ᠪᠣᠯᠪᠠᠰᠤᠷᠠᠬᠤ ᠵᠢᠮᠢᠰ ᠤᠨ ᠬᠠᠯᠢᠰᠤ ᠣᠯᠠᠭᠠᠨ

ᠪᠣᠷᠴᠠᠯᠠᠬᠤ ᠮᠢᠬᠠᠨ ᠤ ᠴᠢᠰᠤ ᠣᠯᠠᠭᠠᠨ


ᠬᠠᠳᠠ ᠲᠡᠶ ᠭᠠᠵᠠᠷ ᠤᠨ ᠥᠨᠡᠭᠡ ᠣᠯᠠᠭᠠᠨ

ᠬᠠᠢ᠌ᠷ᠎ᠠ ᠲᠡᠶ ᠬᠠᠳᠤᠳ ᠤᠨ ᠬᠠᠴᠠᠷ ᠣᠯᠠᠭᠠᠨ

ᠬᠠᠯᠠ ᠲᠡᠶ ᠨᠤᠶᠠᠤᠨ ᠤᠨ ᠨᠢᠳᠤ ᠣᠯᠠᠭᠠᠨ


ᠭᠠᠩᠳᠠᠭᠰᠠᠨ ᠵᠤᠨ ᠤ ᠨᠠᠷᠠ ᠣᠯᠠᠭᠠᠨ

ᠭᠠᠯᠵᠠᠭᠤᠷᠠᠭᠰᠠᠨ ᠨᠤᠬᠠᠢ ᠶᠢᠨ ᠨᠢᠳᠤ ᠣᠯᠠᠭᠠᠨ

ᠭᠠᠯᠠᠪ ᠶ‍ᠢᠷᠳᠢᠠᠴᠤ ᠶᠢᠨ ᠳᠤᠭᠤᠰᠤ ᠣᠯᠠᠭᠠᠨ


ᠬᠤᠷᠠᠯ ᠳᠤ ᠨᠤᠮ ᠦᠭᠡᠶ ᠯᠠᠮᠠ ᠦᠨ᠎ᠡ ᠥᠭᠡᠢ

ᠬᠤᠷᠢᠮ ᠳᠤ ᠬᠤᠪᠴᠠᠰᠤ ᠦᠭᠡᠶ ᠭᠡᠦᠭᠡᠨ ᠦᠨ᠎ᠡ ᠥᠭᠡᠢ

ᠬᠤᠳᠠᠯᠳᠤᠭᠠᠨ ᠳᠤ ᠰᠢᠳᠤ ᠦᠭᠡᠶ ᠳᠡᠮᠡᠭᠡ ᠦᠨ᠎ᠡ ᠥᠭᠡᠢ


ᠳᠦᠷᠦᠭ᠍ᠰᠡᠨ ᠤ ᠡᠴᠦᠰ ᠲᠤ ᠥᠭᠦᠭᠦ ᠦᠨᠡᠨ

ᠬᠤᠷᠢᠶᠠᠭᠰᠠᠨ ᠤ ᠡᠴᠦᠰ ᠲᠤ ᠪᠠᠷᠠᠭᠳᠠᠬᠤ ᠦᠨᠡᠨ

ᠬᠤᠷᠠᠭᠰᠠᠨ ᠤ ᠡᠴᠦᠰ ᠲᠤ ᠳᠠᠷᠬᠠᠬᠤ ᠦᠨᠡᠨ


ᠵᠠᠯᠢᠬᠠᠢ ᠪᠣᠯᠪᠠᠯ ᠠᠳᠠ ᠪᠣᠯᠬᠤ ᠦᠨᠡᠨ

ᠵᠠᠢ᠌ᠳᠠᠩ ᠣᠨᠤᠪᠠᠯ ᠪᠦᠭ᠍ᠰᠡ ᠬᠤᠯᠭᠤᠬᠤ ᠦᠨᠡᠨ

ᠵᠠᠪᠬᠠᠢ ᠶᠠᠪᠣᠪᠠᠯ ᠰᠢᠪᠰᠢᠭ᠌ ᠪᠣᠯᠬᠤ ᠦᠨᠡᠨ


ᠰᠢᠨᠤᠯ ᠭᠠᠵᠢᠭᠤ ᠭᠡᠮᠡᠭ᠍ᠴᠢ ᠪᠠᠶ᠎ᠠ ᠶᠢ ᠡᠪᠳᠡᠭᠦ ᠦᠨᠳᠦᠰᠦ

ᠰᠢᠷᠦᠭᠦᠨ ᠳᠦᠷᠢᠮᠡᠭᠡᠢ ᠭᠡᠮᠡᠭ᠍ᠴᠢ ᠪᠠᠶ᠎ᠠ ᠶᠢ ᠭᠤᠳᠤᠭᠠᠬᠤ ᠦᠨᠳᠦᠰᠦ

ᠰᠢᠳᠤᠷᠭᠤ ᠦᠨᠡᠠᠴᠢ ᠭᠡᠮᠡᠭ᠍ᠴᠢ ᠪᠠᠶ᠎ᠠ ᠶᠢ ᠪᠠᠢ᠌ᠭᠤᠯᠬᠤ ᠦᠨᠳᠦᠰᠦ


ᠴᠠᠭ ᠮᠡᠳᠡᠭᠦ ᠦᠭᠡᠶ ᠭᠦᠮᠤᠨ ᠶᠠᠳᠠᠷᠠᠵᠤ ᠥᠭᠦᠭᠦ

ᠴᠠᠪ ᠮᠡᠳᠡᠭᠦ ᠦᠭᠡᠶ ᠭᠦᠮᠤᠨ ᠦᠯᠪᠠᠷᠴᠤ ᠥᠭᠦᠭᠦ

ᠴᠠᠭᠠᠵᠠ ᠮᠡᠳᠡᠭᠦ ᠦᠭᠡᠶ ᠭᠦᠮᠤᠨ ᠳᠤᠷᠴᠤ ᠥᠭᠦᠭᠦ


ᠣᠬᠠᠭᠠᠨ ᠳ᠋ᠤᠨᠢ ᠣᠬᠤᠨ᠎ᠠ ᠥᠭᠦᠭ᠍ᠰᠡᠨ

ᠰᠡᠭᠡᠭᠡᠨ ᠳ᠋ᠤᠨᠢ ᠰᠡᠷᠭᠡ ᠥᠭᠦᠭ᠍ᠰᠡᠨ

ᠪᠣᠳᠤᠯᠭ᠎ᠠ ᠳ᠋ᠤᠨᠢ ᠪᠣᠬ᠎ᠠ ᠥᠭᠦᠭ᠍ᠰᠡᠨ


ᠠᠭᠤᠯᠠᠨ ᠳᠤ ᠪᠦᠰᠡ ᠥᠭᠡᠢ

ᠣᠰᠤᠨ ᠳᠤ ᠭᠠᠯ ᠥᠭᠡᠢ

ᠣᠭᠳᠠᠷᠭᠤᠢ ᠳᠤ ᠪᠠᠭᠠᠨ᠎ᠠ ᠥᠭᠡᠢ


ᠡᠯᠢᠭᠡ ᠪᠦᠳᠤᠨ ᠭᠦᠮᠤᠨ ᠥᠭᠡᠢ

ᠮᠦᠴᠢᠷ ᠪᠦᠳᠤᠨ ᠮᠤᠳᠤ ᠥᠭᠡᠢ

ᠦᠰᠦ ᠪᠦᠳᠤᠨ ᠳᠤᠯᠤᠭᠠᠢ ᠥᠭᠡᠢ


ᠡᠳᠦᠷ ᠶᠢᠡᠷ ᠳᠦᠭᠡᠷᠢᠭ᠍ᠰᠡᠨ ᠭᠦᠮᠤᠨ ᠬᠠᠰᠭᠢᠷᠠᠬᠤ ᠥᠭᠡᠢ

ᠦᠯᠦᠨ ᠶᠢᠡᠷ ᠡᠪᠠᠳᠦᠭ᠍ᠰᠡᠨ ᠭᠦᠮᠤᠨ ᠶ‍ᠣᠢ᠌ᠯᠠᠬᠤ ᠥᠭᠡᠢ

ᠦᠪᠡᠷ ᠶᠢᠡᠨ ᠣᠨᠠᠭᠰᠠᠨ ᠬᠡᠦᠬᠡᠳ ᠣᠭᠢᠯᠠᠬᠤ ᠥᠭᠡᠢ


ᠭᠡᠭᠡᠷ᠎ᠡ ᠶᠢᠨ ᠭᠦᠮᠤᠨ ᠳᠤ ᠭᠡᠭᠡ ᠥᠭᠡᠢ

ᠭᠡᠷᠴᠡᠭᠡᠢ ᠠᠮᠢᠳᠠᠨ ᠳᠤ ᠨᠠᠢ᠌ᠷ ᠥᠭᠡᠢ

ᠭᠡᠳᠡ ᠶᠢᠨ ᠭᠠᠯ ᠳᠤ ᠣᠳᠤᠭ᠎ᠠ ᠥᠭᠡᠢ


ᠭᠦᠴᠤᠨ ᠤ ᠭᠦᠮᠤᠨ ᠳᠤ ᠰᠠᠭᠤᠳᠠᠯ ᠥᠭᠡᠢ

ᠭᠦᠯᠦᠰᠢᠨ ᠤ ᠥᠭᠡᠷ ᠲᠤ ᠣᠶᠠᠭ᠎ᠠ ᠥᠭᠡᠢ

ᠭᠦᠮᠤᠨ ᠤ ᠡᠳ᠋ ᠲᠤ ᠬᠠᠢ᠌ᠷ᠎ᠠ ᠥᠭᠡᠢ


ᠰᠠᠢ᠌ᠨ ᠵᠠᠩᠵᠤᠨ ᠬᠤᠯᠭᠤᠵᠤ ᠪᠠᠢ᠌ᠯᠳᠤᠬᠤ ᠥᠭᠡᠢ

ᠰᠠᠢ᠌ᠨ ᠮᠤᠷᠢ ᠬᠤᠳᠠᠷᠭᠠᠯᠠᠵᠤ ᠢᠰᠭᠦᠯᠭᠦ ᠥᠭᠡᠢ

ᠰᠠᠢ᠌ᠨ ᠡᠷ᠎ᠡ ᠳᠠᠯᠳᠠᠯᠠᠵᠤ ᠬᠤᠤᠷᠯᠠᠬᠤ ᠥᠭᠡᠢ


ᠰᠠᠷᠠᠯ ᠮᠤᠷᠢᠨ ᠤ ᠵᠢᠰᠤ ᠰᠤᠯᠢᠭᠳᠠᠳᠠᠭ ᠥᠭᠡᠢ

ᠰᠢᠷ᠎ᠠ ᠠᠯᠳᠠᠨ ᠤ ᠥᠩᠭᠡ ᠬᠤᠪᠢᠷᠠᠳᠠᠭ ᠥᠭᠡᠢ

ᠰᠠᠢ᠌ᠨ ᠭᠦᠮᠤᠨ ᠤ ᠨᠠᠷ᠎ᠠ ᠳᠠᠷᠤᠭᠳᠠᠳᠠᠭ ᠥᠭᠡᠢ


ᠶᠠᠷᠳᠠᠭ ᠭᠦᠮᠤᠨ ᠳᠤ ᠬᠠᠨᠢ ᠥᠭᠡᠢ

ᠶᠠᠪᠠᠭᠠᠨ ᠭᠦᠮᠤᠨ ᠳᠤ ᠳᠠᠰᠢᠭᠤᠷ ᠥᠭᠡᠢ

ᠶᠠᠷᠵᠠᠩ ᠮᠤᠷᠢᠨ ᠳᠤ ᠳᠠᠷᠭᠤ ᠥᠭᠡᠢ


ᠡᠪᠡᠳᠴᠢᠨ ᠠᠷᠢᠯᠪᠠᠯ ᠵᠢᠷᠭᠠᠯ ᠢ ᠣᠯᠵᠤ ᠥᠵᠡᠭᠦ

ᠡᠭᠦᠯᠡ ᠠᠷᠢᠯᠪᠠᠯ ᠨᠠᠷᠠ ᠶᠢ ᠣᠯᠵᠤ ᠥᠵᠡᠭᠦ

ᠦᠰᠢᠶᠠᠳᠠᠨ ᠠᠷᠢᠯᠪᠠᠯ ᠰᠠᠢ᠌ᠨ ᠢ ᠣᠯᠵᠤ ᠥᠵᠡᠭᠦ


ᠣᠯᠠᠢ᠌ᠬᠤ ᠶᠢ ᠦᠵᠡᠪᠠᠯ ᠡᠮᠭᠦᠭᠡᠳ ᠠᠪᠣᠮᠠᠷ

ᠣᠠᠵᠠᠢ᠌ᠬᠤ ᠶᠢ ᠦᠵᠡᠪᠠᠯ ᠳᠠᠰᠤᠳᠠᠭᠠᠤᠨ ᠠᠪᠣᠮᠠᠷ

ᠣᠷᠤᠰᠬᠤ ᠶᠢ ᠦᠵᠡᠪᠠᠯ ᠣᠭᠤᠴᠢᠭᠠᠤᠨ ᠠᠪᠣᠮᠠᠷ


ᠣᠷᠤᠭ᠎ᠠ ᠨᠢ ᠣᠷᠤᠭ᠎ᠠ ᠪᠠᠷ ᠶᠢᠡᠨ ᠨᠡᠢ᠌ᠯᠡᠭᠦ

ᠵᠢᠷᠤᠭ᠎ᠠ ᠨᠢ ᠵᠢᠷᠤᠭ᠎ᠠ ᠪᠠᠷ ᠶᠢᠡᠨ ᠨᠡᠢ᠌ᠯᠡᠭᠦ

ᠵᠤᠯᠪᠢᠩ ᠨᠢ ᠴᠢᠮᠡᠭᠡ ᠪᠠᠷ ᠶᠢᠡᠨ ᠨᠡᠢ᠌ᠯᠡᠭᠦ


ᠬᠤᠶᠠᠷ ᠳᠤᠯᠤᠭᠠᠢ ᠨᠡᠢ᠌ᠯᠡᠭᠡᠳ ᠳᠡᠷᠭᠡ ᠪᠣᠯᠬᠤ

ᠬᠤᠶᠠᠷ ᠭᠦᠮᠤᠨ ᠨᠡᠢ᠌ᠯᠡᠭᠡᠳ ᠭᠡᠷ ᠪᠣᠯᠬᠤ

ᠬᠤᠶᠠᠷ ᠠᠢ᠌ᠯ ᠨᠡᠢ᠌ᠯᠡᠭᠡᠳ ᠣᠢ᠌ᠷ᠎ᠠ ᠪᠣᠯᠬᠤ


ᠳᠠᠯᠠᠢ ᠳᠤ ᠳᠤᠰᠤᠯ ᠨᠠᠮᠠᠷᠢ

ᠳᠠᠪᠣᠰᠤᠨ ᠳᠤ ᠬᠤᠵᠢᠷ ᠨᠠᠮᠠᠷᠢ

ᠳᠦᠯᠦᠭᠡᠨ ᠬᠤᠷᠠᠭ᠎ᠠ ᠳᠦᠯ ᠳᠤ ᠨᠠᠮᠠᠷᠢ


ᠠᠪᠣ ᠡᠵᠢ ᠶᠢᠨ ᠬᠤᠯᠪᠣᠭ᠎ᠠ ᠨᠢ ᠨᠢᠭᠡ

ᠠᠬ᠎ᠠ ᠳᠡᠭᠦᠤ ᠶᠢᠨ ᠦᠮᠴᠢ ᠨᠢ ᠨᠢᠭᠡ

ᠠᠠᠵᠢᠰᠤᠨ ᠥᠭᠡᠷ ᠤᠨ ᠲᠦᠷᠦ ᠨᠢ ᠨᠢᠭᠡ


ᠨᠠᠷ᠎ᠠ ᠨᠢᠭᠡᠳᠤ ᠶᠢᠨ ᠴᠢᠭᠢ ᠨᠢᠭᠡ

ᠨᠡᠭᠡᠢ ᠶᠡᠭᠡᠳᠤ ᠶᠢᠨ ᠭᠠᠷ ᠨᠢᠭᠡ

ᠨᠢᠭᠦᠯ ᠶᠡᠭᠡᠳᠤ ᠶᠢᠨ ᠳᠠᠮᠤ ᠨᠢᠭᠡ


ᠣᠷᠭᠤᠭ᠎ᠠ ᠮᠤᠳᠤᠨ ᠤ ᠦᠨᠳᠦᠰᠦ ᠨᠣᠢ᠌ᠳᠠᠨ

ᠣᠰᠤ ᠲᠡᠶ ᠭᠠᠵᠠᠷ ᠤᠨ ᠰᠢᠷᠤᠢ ᠨᠣᠢ᠌ᠳᠠᠨ

ᠣᠢ᠌ᠯᠠᠩᠬᠠᠢ ᠬᠡᠦᠬᠡᠳ ᠤᠨ ᠴᠢᠷᠠᠢ ᠨᠣᠢ᠌ᠳᠠᠨ


ᠳᠠᠯ᠎ᠠ ᠳᠤ ᠣᠷᠭᠤᠭᠰᠠᠨ ᠵᠡᠭᠡᠷᠭᠡᠨ᠎ᠡ ᠨᠤᠭᠤᠭᠠᠨ

ᠳᠠᠢ᠌ᠭ᠎ᠠ ᠳᠤ ᠣᠷᠭᠤᠭᠰᠠᠨ ᠭᠦᠪᠳᠤ ᠨᠤᠭᠤᠭᠠᠨ

ᠳᠠᠭ ᠲᠤ ᠣᠷᠭᠤᠭᠰᠠᠨ ᠠᠷᠴᠠ ᠨᠤᠭᠤᠭᠠᠨ


ᠳᠤᠭᠤᠷᠴᠤᠭ ᠳᠤᠯᠤᠭᠠᠢ ᠶᠢᠨ ᠨᠤᠶᠠᠨ

ᠳᠤᠯᠤᠭᠠᠢ ᠳᠠᠷ᠎ᠠ ᠶᠢᠨ ᠨᠤᠶᠠᠨ

ᠳᠤᠭᠤᠭ᠎ᠠ ᠳᠤᠯᠭᠠᠨ ᠤ ᠨᠤᠶᠠᠨ


ᠱᠤ᠋ ᠣᠷᠭᠢᠪᠠᠯ ᠭᠦᠷᠢᠮ ᠪᠠᠢ᠌ᠳᠠᠭ

ᠰᠤᠳᠠᠯ ᠪᠠᠷᠢᠪᠠᠯ ᠠᠢ᠌ᠯᠠᠳᠬᠠᠯ ᠪᠠᠢ᠌ᠳᠠᠭ

ᠰᠤᠳᠤᠷ ᠣᠩᠰᠢᠪᠠᠯ ᠪᠠᠷᠢᠴᠠ ᠪᠠᠢ᠌ᠳᠠᠭ


ᠡᠪᠠᠰᠤ ᠣᠷᠭᠤᠭᠰᠠᠨ ᠨᠠᠭᠤᠷ ᠪᠠᠭ᠎ᠠ

ᠡᠷᠡᠭᠡ ᠦᠭᠡᠶ ᠡᠭᠡᠨᠡᠷ ᠪᠠᠭ᠎ᠠ

ᠠᠬᠠᠯᠠᠭᠴᠢ ᠦᠭᠡᠶ ᠠᠯᠪᠠᠳᠤ ᠪᠠᠭ᠎ᠠ


ᠬᠤᠪᠳᠤᠭ ᠭᠦᠮᠤᠨ ᠳᠤ ᠳᠡᠮᠡᠭᠡ ᠪᠠᠭ᠎ᠠ

ᠬᠣᠢ᠌ᠬᠤᠷ ᠭᠦᠮᠤᠨ ᠳᠤ ᠰᠠᠢ᠌ᠨ ᠪᠠᠭ᠎ᠠ

ᠬᠤᠶᠠᠯᠢ ᠡᠭᠡᠨᠡᠷ ᠲᠤ ᠬᠠᠢ᠌ᠷ᠎ᠠ ᠪᠠᠭ᠎ᠠ


ᠣᠭᠳᠠᠷᠭᠤᠢ ᠶᠢᠨ ᠰᠤᠯᠤᠩᠭ᠎ᠠ ᠶᠢᠨ ᠥᠩᠭᠡ ᠳᠦᠷᠭᠡᠨ ᠪᠠᠭᠤᠷᠠᠬᠤ

ᠣᠯᠠᠨ ᠰᠠᠨᠠᠭᠠᠳᠤ ᠭᠦᠮᠤᠨ ᠤ ᠰᠢᠠᠵᠢ ᠳᠦᠷᠭᠡᠨ ᠪᠠᠭᠤᠷᠠᠬᠤ

ᠣᠯᠵᠠ ᠠᠰᠢᠭ ᠲᠤ ᠰᠢᠨᠤᠭᠴᠢ ᠶᠢᠨ ᠪᠣᠶᠠᠨ ᠳᠦᠷᠭᠡᠨ ᠪᠠᠭᠤᠷᠠᠬᠤ


ᠡᠷᠳᠡᠮ ᠨᠤᠮ ᠳᠡᠭᠡᠳᠤ ᠪᠠᠶᠠᠨ

ᠦᠷ᠎ᠡ ᠬᠡᠦᠬᠡᠳ ᠳᠤᠮᠳᠠ ᠪᠠᠶᠠᠨ

ᠡᠳ᠋ ᠭᠦᠷᠦᠩᠭᠡ ᠠᠳᠠᠭ ᠪᠠᠶᠠᠨ


ᠡᠷᠳᠡᠮ ᠲᠡᠶ ᠭᠦᠮᠤᠨ ᠨᠢᠭᠡ ᠪᠠᠶᠠᠨ

ᠦᠷᠢ ᠦᠭᠡᠶ ᠭᠦᠮᠤᠨ ᠨᠢᠭᠡ ᠪᠠᠶᠠᠨ

ᠬᠡᠦᠬᠡᠳ ᠲᠡᠶ ᠭᠦᠮᠤᠨ ᠨᠢᠭᠡ ᠪᠠᠶᠠᠨ


ᠭᠦᠭᠡ ᠮᠥᠩᠭᠡ ᠳᠡᠭ᠍ᠷᠢ ᠣᠳᠤᠨ ᠶᠢᠡᠷ ᠪᠠᠶᠠᠨ

ᠭᠦᠷᠦᠰᠦᠳᠤ ᠠᠯᠳᠠᠨ ᠳᠡᠯᠡᠭᠡᠢ ᠦᠨᠳᠦᠰᠦ ᠪᠠᠷ ᠪᠠᠶᠠᠨ

ᠭᠦᠭᠡᠷᠡᠭᠦ ᠮᠦᠷᠠᠨ ᠳᠠᠯᠠᠢ ᠣᠰᠤ ᠪᠠᠷ ᠪᠠᠶᠠᠨ


ᠮᠠᠯ ᠲᠡᠶ ᠭᠦᠮᠤᠨ ᠪᠠᠭ᠎ᠠ ᠪᠠᠶᠠᠨ

ᠦᠷ᠎ᠡ ᠲᠡᠶ ᠭᠦᠮᠤᠨ ᠦᠨᠢᠷ ᠪᠠᠶᠠᠨ

ᠡᠷᠳᠡᠮ ᠲᠡᠶ ᠭᠦᠮᠤᠨ ᠡᠷᠭᠢᠮ ᠪᠠᠶᠠᠨ


ᠵᠠᠭᠤᠳᠠᠭ ᠨᠤᠬᠠᠢ ᠰᠢᠳᠤ ᠪᠠᠨ ᠪᠠᠷᠠᠬᠤ

ᠵᠠᠪᠬᠠᠢ ᠡᠮ᠎ᠡ ᠨᠢᠭᠤᠷ ᠶᠢᠡᠨ ᠪᠠᠷᠠᠬᠤ

ᠵᠢᠰᠤᠷᠴᠢ ᠭᠦᠮᠤᠨ ᠵᠤᠯᠤᠭ ᠶᠢᠡᠨ ᠪᠠᠷᠠᠬᠤ


ᠥᠯᠪᠠᠯᠵᠡᠭᠦᠷ ᠮᠠᠢ᠌ᠮᠠᠢ᠌ᠴᠢᠨ ᠡᠭᠦᠳᠡᠨ ᠤ ᠪᠠᠷᠠᠮᠠᠯ

ᠥᠯᠦᠭ᠍ᠴᠢᠨ ᠨᠤᠬᠠᠢ ᠠᠭ᠎ᠠ ᠶᠢᠨ ᠪᠠᠷᠠᠮᠠᠯ

ᠦᠯᠦᠩᠭᠢ ᠨᠤᠶᠠᠨ ᠪᠣᠳᠠᠭᠠᠨ ᠤ ᠪᠠᠷᠠᠮᠠᠯ


ᠨᠤᠶᠠᠤᠨ ᠰᠠᠢ᠌ᠳᠠᠢ ᠠᠯᠪᠠᠳᠤ ᠠᠷᠠᠤᠨ ᠪᠠᠷᠳᠠᠮ

ᠨᠤᠬᠠᠢ ᠰᠠᠢ᠌ᠳᠠᠢ ᠬᠤᠳᠠ ᠭᠦᠷᠢᠶ᠎ᠡ ᠪᠠᠷᠳᠠᠮ

ᠨᠤᠮ ᠰᠠᠢ᠌ᠳᠠᠢ ᠯᠠᠮᠠ ᠬᠤᠸᠠᠷᠠᠭ ᠪᠠᠷᠳᠠᠮ


ᠳᠤᠭ᠎ᠠ ᠮᠡᠳᠡᠭᠦ ᠦᠭᠡᠶ ᠭᠦᠮᠤᠨ ᠳᠤ ᠳᠠᠩᠰᠠ ᠪᠣᠤ ᠪᠠᠷᠢᠭᠤᠯ

ᠳᠤᠮᠤᠭ᠎ᠠ ᠮᠠᠭᠤᠳᠠᠢ ᠭᠦᠮᠤᠨ ᠳᠤ ᠳᠠᠮᠠᠭ᠎ᠠ ᠪᠣᠤ ᠪᠠᠷᠢᠭᠤᠯ

ᠳᠤᠭᠠᠴᠠᠯ ᠦᠭᠡᠶ ᠭᠦᠮᠤᠨ ᠳᠤ ᠳᠦᠯᠭᠢᠭᠦᠷ ᠪᠣᠤ ᠪᠠᠷᠢᠭᠤᠯ


ᠡᠭᠦᠷ ᠶᠢᠡᠨ ᠵᠠᠰᠠᠳᠠᠭ ᠦᠭᠡᠶ ᠰᠢᠪᠠᠭᠤ ᠪᠠᠭᠡᠷᠡᠭ᠌

ᠡᠪᠦᠯ ᠶᠢᠡᠨ ᠮᠠᠷᠳᠠᠭᠰᠠᠨ ᠠᠳᠠᠯ ᠭᠡᠷ ᠪᠠᠭᠡᠷᠡᠭ᠌

ᠥᠳᠦᠭ᠌ ᠪᠠᠭᠤᠴᠠ ᠦᠭᠡᠶ ᠮᠠᠯ ᠪᠠᠭᠡᠷᠡᠭ᠌


ᠵᠠᠭᠠᠨ ᠤ ᠰᠤᠶᠤᠭ᠎ᠠ ᠶᠢ ᠵᠠᠯᠠᠬᠤ ᠳᠤ ᠪᠠᠷᠭᠡ

ᠵᠠᠩᠭᠢᠯᠠᠭᠰᠠᠨ ᠥᠭᠡ ᠶᠢ ᠳᠠᠢ᠌ᠯᠠᠬᠤ ᠳᠤ ᠪᠠᠷᠭᠡ

ᠵᠠᠮ ᠦᠭᠡᠶ ᠳᠠᠪᠠᠭ᠎ᠠ ᠶᠢ ᠳᠠᠪᠠᠬᠤ ᠳᠤ ᠪᠠᠷᠭᠡ


ᠶᠠᠩᠰᠢᠶ᠎ᠠ ᠭᠦᠮᠤᠨ ᠶᠢᠡᠷ ᠨᠥᠭᠦᠷ ᠭᠢᠭᠦ ᠪᠠᠷᠭᠡ

ᠶᠠᠮᠪᠠᠳᠤ ᠯᠠᠮᠠ ᠪᠠᠷ ᠰᠢᠳᠦᠭᠡᠨ ᠭᠢᠭᠦ ᠪᠠᠷᠭᠡ

ᠶᠠᠩᠬᠠᠨ ᠡᠮ᠎ᠡ ᠪᠠᠷ ᠭᠡᠷᠭᠡᠢ ᠭᠢᠭᠦ ᠪᠠᠷᠭᠡ


ᠢᠨᠢᠶᠡᠭ᠍ᠰᠡᠨ ᠪᠦᠭᠦᠨ ᠨᠥᠭᠦᠷ ᠪᠢᠰᠢ

ᠢᠳᠡᠭ᠍ᠰᠡᠨ ᠪᠦᠭᠦᠨ ᠡᠷᠡᠭᠡ ᠦᠭᠡᠶ ᠪᠢᠰᠢ

ᠢᠴᠢᠭ᠍ᠰᠡᠨ ᠪᠦᠭᠦᠨ ᠰᠢᠷᠪᠠᠭᠡᠯᠢᠭ᠌ ᠪᠢᠰᠢ


ᠵᠦᠷᠢᠭ᠍ᠰᠡᠨ ᠪᠦᠭᠦᠨ ᠳᠠᠢ᠌ᠰᠤᠨ ᠪᠢᠰᠢ

ᠵᠤᠮᠠᠢ᠌ᠭᠰᠠᠨ ᠪᠦᠭᠦᠨ ᠨᠥᠭᠦᠷ ᠪᠢᠰᠢ

ᠵᠤᠭᠤᠭᠳᠠᠭᠰᠠᠨ ᠪᠦᠭᠦᠨ ᠳᠤᠳᠤᠨᠤ ᠪᠢᠰᠢ


ᠦᠨᠡᠰᠤ ᠶᠡᠭᠡᠳᠪᠠᠯ ᠳᠤᠯᠭ᠎ᠠ ᠶᠢᠨ ᠪᠣᠭ

ᠦᠬᠢᠨ ᠦᠳᠡᠯᠪᠠᠯ ᠭᠡᠷ ᠤᠨ ᠪᠣᠭ

ᠥᠭᠡ ᠠᠷᠪᠢᠤᠠᠪᠠᠯ ᠴᠢᠭᠢᠨ ᠤ ᠪᠣᠭ


ᠬᠠᠪᠳᠠᠭᠠᠢ ᠲᠦᠯᠡᠰᠢ ᠭᠠᠯ ᠤᠨ ᠪᠣᠭ

ᠬᠠᠳᠠᠭᠰᠠᠨ ᠬᠤᠪᠣᠭᠤ ᠬᠤᠤᠠᠳᠤᠭ ᠤᠨ ᠪᠣᠭ

ᠬᠠᠷᠭᠢᠰ ᠡᠭᠡᠨᠡᠷ ᠭᠡᠷ ᠤᠨ ᠪᠣᠭ


ᠡᠭᠦᠯᠡ ᠵᠤᠵᠠᠭᠠᠷᠠᠪᠠᠯ ᠪᠣᠷᠤᠭᠠᠨ ᠪᠣᠯᠬᠤ

ᠦᠬᠢᠳ ᠦᠳᠡᠯᠠᠪᠠᠯ ᠡᠮᠡᠭᠡᠨ ᠪᠣᠯᠬᠤ

ᠦᠷᠢ ᠶᠡᠭᠡᠳᠪᠠᠯ ᠡᠪᠡᠳᠴᠢᠨ ᠪᠣᠯᠬᠤ


ᠦᠷᠢᠶ᠎ᠠ ᠪᠠᠢ᠌ᠳᠠᠰᠤ ᠥᠰᠦᠭ᠍ᠰᠡᠭᠡᠷ ᠪᠠᠢ᠌ᠵᠤ ᠠᠳᠤᠭᠤ ᠪᠣᠯᠬᠤ

ᠦᠷ᠎ᠡ ᠬᠡᠦᠬᠡᠳ ᠪᠣᠢ᠌ᠵᠢᠭᠰᠠᠭᠠᠷ ᠪᠠᠢ᠌ᠵᠤ ᠡᠷᠦᠭᠡ ᠪᠣᠯᠬᠤ

ᠦᠷᠢ ᠰᠢᠷᠢ ᠣᠯᠠᠳᠠᠭᠰᠠᠭᠠᠷ ᠪᠠᠢ᠌ᠵᠤ ᠡᠪᠡᠳᠴᠢᠨ ᠪᠣᠯᠬᠤ


ᠨᠤᠶᠠᠤᠨ ᠥᠭᠡᠢ᠌ᠷᠡᠪᠠᠯ ᠳᠡᠭᠡᠷᠡᠮ ᠪᠣᠯᠬᠤ

ᠪᠠᠶᠠᠤᠨ ᠥᠭᠡᠢ᠌ᠷᠡᠪᠠᠯ ᠬᠤᠯᠠᠭᠠᠢ ᠪᠣᠯᠬᠤ

ᠢᠷᠭᠡᠨ ᠥᠭᠡᠢ᠌ᠷᠡᠪᠠᠯ ᠪᠠᠳᠠᠷᠴᠢᠨ ᠪᠣᠯᠬᠤ


ᠰᠠᠢ᠌ᠨ ᠮᠤᠷᠢ ᠶᠢ ᠭᠤᠷᠪᠠ ᠭᠤᠶᠠᠳᠠᠪᠠᠯ ᠰᠢᠷᠪᠠᠭ᠎ᠠ ᠪᠣᠯᠬᠤ

ᠰᠠᠢ᠌ᠨ ᠡᠷ᠎ᠡ ᠶᠢ ᠭᠤᠷᠪᠠ ᠰᠤᠷᠭᠠᠪᠠᠯ ᠳᠠᠯᠭᠠᠷ ᠪᠣᠯᠬᠤ

ᠰᠠᠢ᠌ᠨ ᠥᠭᠡ ᠶᠢ ᠭᠤᠷᠪᠠ ᠶᠠᠷᠢᠪᠠᠯ ᠴᠠᠯᠴᠢᠶ᠎ᠠ ᠪᠣᠯᠬᠤ


ᠰᠢᠭᠦᠳᠡᠷᠢ ᠪᠠᠷ ᠣᠮᠳᠠ ᠭᠢᠵᠤ ᠪᠣᠯᠬᠤ ᠥᠭᠡᠢ

ᠰᠢᠪᠠᠭ᠍ᠴᠢᠨ ᠶᠢᠡᠷ ᠬᠠᠳᠤᠨ ᠭᠢᠵᠤ ᠪᠣᠯᠬᠤ ᠥᠭᠡᠢ

ᠰᠢᠯᠤᠰᠤ ᠪᠠᠷ ᠦᠯ ᠭᠢᠵᠤ ᠪᠣᠯᠬᠤ ᠥᠭᠡᠢ


ᠭᠢᠮᠤᠰᠤᠨ ᠤ ᠊ᠭ᠍‍ᠬᠢᠷ ᠨᠢᠭᠡ ᠪᠣᠵᠠᠷ

ᠬᠤᠯᠠᠭᠠᠢ᠌ᠴᠢ ᠶᠢᠨ ᠭᠠᠷ ᠬᠤᠶᠠᠷ ᠪᠣᠵᠠᠷ

ᠬᠠᠤᠯᠢ ᠳᠤ ᠬᠠᠬᠤᠤᠯᠢ ᠭᠤᠷᠪᠠᠨ ᠪᠣᠵᠠᠷ


ᠠᠯᠪᠠᠨ ᠵᠠᠷᠤᠴᠠ ᠶᠢᠨ ᠠᠮᠠ ᠨᠢ ᠪᠦᠭᠡ

ᠠᠳᠠᠯᠠᠭᠤᠯᠤᠭᠰᠠᠨ ᠠᠮᠢᠳᠠᠨ ᠤ ᠠᠮᠢ ᠨᠢ ᠪᠦᠭᠡ

ᠠᠯᠠᠭᠰᠠᠨ ᠳᠠᠷᠪᠠᠭᠠᠨ ᠤ ᠵᠠᠪᠠᠵᠢ ᠨᠢ ᠪᠦᠭᠡ


ᠠᠮᠢᠳᠠᠨ ᠳᠤ ᠵᠠᠭᠠᠨ ᠪᠦᠭᠡ

ᠨᠣᠢ᠌ᠳᠠᠨ ᠳᠤ ᠴᠠᠪᠠᠤ ᠪᠦᠭᠡ

ᠮᠢᠬᠠᠨ ᠳᠤ ᠡᠯᠢᠭᠡ ᠪᠦᠭᠡ


ᠥᠳᠡᠯᠭᠦ ᠡᠴᠡ ᠨᠠᠰᠤ ᠬᠠᠢ᠌ᠷᠠᠨ

ᠥᠭᠡᠢ᠌ᠷᠡᠭᠦ ᠡᠴᠡ ᠡᠳ᠋ ᠬᠠᠢ᠌ᠷᠠᠨ

ᠥᠭᠦᠭᠦ ᠡᠴᠡ ᠠᠮᠢ ᠬᠠᠢ᠌ᠷᠠᠨ


ᠥᠯᠦᠭ᠍ᠴᠢᠨ ᠴᠢᠨ᠋ᠸ᠎ᠠ ᠪᠠᠯᠳᠡᠷᠭᠡ ᠳᠡᠭᠡᠨ ᠬᠠᠢ᠌ᠷᠠᠳᠠᠢ

ᠡᠪᠦᠭᠡᠨ ᠭᠦᠮᠤᠨ ᠡᠮ᠎ᠡ ᠳᠡᠭᠡᠨ ᠬᠠᠢ᠌ᠷᠠᠳᠠᠢ

ᠥᠪᠦᠭᠡᠯᠵᠢᠨ ᠰᠢᠪᠠᠭᠤ ᠥᠡᠳᠡᠭᠡᠨ ᠳᠡᠭᠡᠨ ᠬᠠᠢ᠌ᠷᠠᠳᠠᠢ


ᠡᠳᠦᠷ ᠤᠨ ᠨᠠᠷᠠᠨ ᠤ ᠰᠡᠭᠦᠳᠡᠷ ᠬᠠᠷ᠎ᠠ

ᠡᠯᠢᠭᠡ ᠮᠠᠭᠤᠳᠠᠨ ᠤ ᠵᠢᠷᠦᠭᠡ ᠬᠠᠷ᠎ᠠ

ᠡᠯᠵᠢᠭᠡ ᠮᠠᠯ ᠤᠨ ᠳᠤᠭᠤᠷᠠᠢ ᠬᠠᠷ᠎ᠠ


ᠨᠠᠷᠠ ᠦᠭᠡᠶ ᠡᠴᠡ ᠡᠳᠦᠷ ᠬᠠᠷ᠎ᠠ

ᠨᠢᠳᠤ ᠦᠭᠡᠶ ᠡᠴᠡ ᠵᠠᠮ ᠬᠠᠷ᠎ᠠ

ᠨᠠᠢ᠌ᠷ ᠦᠭᠡᠶ ᠡᠴᠡ ᠬᠤᠷᠢᠮ ᠬᠠᠷ᠎ᠠ


ᠳᠠᠯᠠᠢ ᠳᠤ ᠵᠢᠭᠠᠰᠤ ᠬᠠᠷᠠᠮᠴᠢ

ᠳᠠᠭᠠᠷᠢᠨ ᠳᠤ ᠱᠠᠭᠠᠵᠠᠭᠠᠢ ᠬᠠᠷᠠᠮᠴᠢ

ᠳᠠᠭᠢ ᠳᠤ ᠱᠠᠯᠵᠠ ᠬᠠᠷᠠᠮᠴᠢ


ᠨᠠᠭᠠᠳᠤᠮ ᠥᠭᠡ ᠶᠠᠪᠣᠳᠠᠯ ᠳᠤ ᠬᠠᠷᠰᠢ

ᠨᠠᠪᠳᠠᠭᠠᠷ ᠨᠤᠬᠠᠢ ᠬᠤᠷᠮᠤᠢ ᠳᠤ ᠬᠠᠷᠰᠢ

ᠨᠠᠷᠠᠨ ᠤ ᠭᠡᠷᠡᠯ ᠪᠠᠭᠪᠠᠬᠠᠢ ᠳᠤ ᠬᠠᠷᠰᠢ


ᠡᠷᠭᠡᠳᠡᠨ ᠡᠴᠡ ᠴᠢᠭᠢ ᠭᠡᠯᠳᠡᠭᠡᠢ

ᠡᠳ᠋ ᠡᠴᠡ ᠳᠤᠮᠪᠣ ᠭᠡᠯᠳᠡᠭᠡᠢ

ᠡᠷᠳᠡᠨᠢ ᠡᠴᠡ ᠳᠤᠩ ᠭᠡᠯᠳᠡᠭᠡᠢ


ᠡᠪᠳᠡᠭᠦ ᠳᠤ ᠳᠡᠭ᠍ᠷᠢ ᠭᠡᠴᠡᠭᠦᠤ

ᠡᠯᠳᠡᠭᠦ ᠳᠤ ᠠᠷᠠᠰᠤ ᠭᠡᠴᠡᠭᠦᠤ

ᠡᠷᠡᠭᠡᠯᠡᠭᠦ ᠳᠤ ᠥᠯᠦᠰᠭᠦ ᠭᠡᠴᠡᠭᠦᠤ


ᠪᠣᠳᠤᠭᠤ ᠲᠡᠶ ᠢᠩᠭᠡ ᠶᠢᠨ ᠪᠣᠢ᠌ᠯᠠᠬᠤ ᠭᠡᠴᠡᠭᠦᠤ

ᠪᠣᠬ᠎ᠠ ᠪᠢᠷᠠᠭᠤ ᠶᠢᠨ ᠠᠭᠠᠰᠢᠯᠠᠬᠤ ᠭᠡᠴᠡᠭᠦᠤ

ᠪᠣᠷᠤᠭᠠᠨ ᠰᠠᠯᠭᠢᠨ ᠤ ᠳᠤᠭᠰᠢᠷᠠᠬᠤ ᠭᠡᠴᠡᠭᠦᠤ


ᠳᠣᠢ᠌ᠯᠪᠣᠷᠢ ᠦᠭᠡᠶ ᠭᠦᠮᠤᠨ ᠪᠣᠴᠠᠬᠤ ᠳᠤ ᠭᠢᠯᠪᠠᠷ

ᠳᠤᠭᠤᠯᠭᠠᠨ ᠵᠢᠳᠠ ᠰᠢᠠᠳᠠᠷᠠᠬᠤ ᠳᠤ ᠭᠢᠯᠪᠠᠷ

ᠳᠤᠭᠳᠠᠪᠣᠷᠢ ᠦᠭᠡᠶ ᠰᠠᠪᠠ ᠰᠠᠵᠢᠯᠠᠬᠤ ᠳᠤ ᠭᠢᠯᠪᠠᠷ


ᠡᠳᠦᠷ ᠤᠨ ᠣᠳᠤ ᠨᠢᠭᠡ ᠬᠤᠪᠣᠷ

ᠡᠪᠦᠯ ᠤᠨ ᠴᠡᠴᠡᠭ᠌ ᠨᠢᠭᠡ ᠬᠤᠪᠣᠷ

ᠦᠳᠡᠰᠢ ᠶᠢᠨ ᠰᠤᠯᠤᠩᠭ᠎ᠠ ᠨᠢᠭᠡ ᠬᠤᠪᠣᠷ


ᠣᠢ ᠦᠭᠡᠶ ᠭᠠᠵᠠᠷ ᠠᠷᠢᠶᠠᠳᠠᠨ ᠬᠤᠪᠣᠷ

ᠠᠭᠤᠯᠠ ᠦᠭᠡᠶ ᠭᠠᠵᠠᠷ ᠴᠢᠯᠠᠭᠤ ᠬᠤᠪᠣᠷ

ᠣᠰᠤ ᠦᠭᠡᠶ ᠭᠠᠵᠠᠷ ᠵᠢᠭᠠᠰᠤ ᠬᠤᠪᠣᠷ


ᠥᠭᠡᠴᠡ ᠭᠦᠮᠤᠨ ᠢ ᠮᠠᠭᠳᠠᠭᠴᠢ ᠨᠢᠭᠡ ᠬᠤᠪᠣᠷ

ᠥᠮᠡᠭᠡᠢ ᠰᠠᠨᠠᠭᠠᠳᠠᠨ ᠢ ᠳᠤᠭᠤᠭᠴᠢ ᠨᠢᠭᠡ ᠬᠤᠪᠣᠷ

ᠥᠭᠡᠢ᠌ᠭᠦᠤ ᠭᠦᠮᠤᠨ ᠢ ᠥᠮᠦᠭᠯᠡᠭ᠍ᠴᠢ ᠨᠢᠭᠡ ᠬᠤᠪᠣᠷ


ᠪᠠᠷᠢᠵᠤ ᠳᠠᠯᠪᠢᠵᠤ ᠪᠠᠢ᠌ᠪᠠᠴᠤ ᠵᠡᠭᠦᠳᠤ ᠬᠤᠭᠤᠰᠤᠨ

ᠪᠠᠷᠣᠢ᠌ᠵᠤ ᠳᠤᠷᠣᠢ᠌ᠵᠤ ᠪᠠᠢ᠌ᠪᠠᠴᠤ ᠵᠡᠷᠭᠡᠯᠭᠡᠨ ᠬᠤᠭᠤᠰᠤᠨ

ᠪᠠᠷᠭᠢᠷᠠᠵᠤ ᠴᠠᠷᠭᠢᠷᠠᠵᠤ ᠪᠠᠢ᠌ᠪᠠᠴᠤ ᠴᠤᠤᠷᠢᠶ᠎ᠠ ᠬᠤᠭᠤᠰᠤᠨ


ᠳᠤᠪᠣ ᠦᠭᠡᠶ ᠳᠠᠯ᠎ᠠ ᠨᠢᠭᠡ ᠬᠤᠭᠤᠰᠤᠨ

ᠳᠠᠭᠤᠤ ᠦᠭᠡᠶ ᠨᠠᠢ᠌ᠷ ᠨᠢᠭᠡ ᠬᠤᠭᠤᠰᠤᠨ

ᠳᠤᠭᠵᠢᠷ ᠦᠭᠡᠶ ᠰᠦᠮ᠎ᠡ ᠨᠢᠭᠡ ᠬᠤᠭᠤᠰᠤᠨ


ᠳᠦᠷᠦᠭᠡᠳ ᠰᠠᠷ᠎ᠠ ᠳᠦᠭᠦᠷᠭᠦ ᠳᠡᠷᠢᠭᠦᠨ ᠶᠡᠭᠡ ᠬᠤᠷᠢᠮ

ᠥᠰᠦᠭᠡᠳ ᠪᠠᠷᠢ ᠪᠠᠭᠤᠯᠭᠠᠬᠤ ᠳᠠᠳ᠋ ᠶᠡᠭᠡ ᠬᠤᠷᠢᠮ

ᠥᠭᠦᠭᠡᠳ ᠪᠣᠶᠠᠨ ᠭᠢᠭᠦ ᠭᠤᠳᠠᠭᠠᠷ ᠶᠡᠭᠡ ᠬᠤᠷᠢᠮ


ᠨᠠᠷᠭᠢᠶᠠᠨ ᠦᠭᠡᠶ ᠨᠠᠭᠠᠳᠤᠮ ᠨᠢᠭᠡ ᠬᠤᠭᠤᠰ

ᠨᠠᠭᠠᠴᠤ ᠦᠭᠡᠶ ᠵᠢᠭᠡ ᠨᠢᠭᠡ ᠬᠤᠭᠤᠰ

ᠨᠠᠷᠠᠰᠤ ᠦᠭᠡᠶ ᠠᠭᠤᠯᠠ ᠨᠢᠭᠡ ᠬᠤᠭᠤᠰ


ᠠᠭᠤᠳᠠᠮ ᠳᠡᠯᠡᠭᠡᠢ ᠶᠢᠨ ᠳᠡᠭ᠍ᠷᠢ ᠭᠦᠭᠡ

ᠣᠠᠳᠠᠷᠠᠬᠤ ᠭᠠᠯ ᠤᠨ ᠲᠦᠯᠦ ᠭᠦᠭᠡ

ᠣᠷᠤᠰᠬᠤ ᠭᠤᠤᠯ ᠤᠨ ᠣᠰᠤ ᠭᠦᠭᠡ


ᠭᠦᠢᠳᠡᠷᠡᠭᠦ ᠳᠡᠭ᠍ᠷᠢ ᠶᠢᠨ ᠭᠦᠪᠠᠭᠡ ᠨᠢ ᠭᠦᠭᠡ

ᠭᠡᠷᠡᠭᠦᠯᠴᠢ ᠭᠦᠮᠤᠨ ᠤ ᠣᠷᠤᠭᠤᠯ ᠨᠢ ᠭᠦᠭᠡ

ᠭᠡᠷᠴᠡᠭᠡᠢ ᠭᠦᠮᠤᠨ ᠤ ᠴᠢᠷᠠᠢ ᠨᠢ ᠭᠦᠭᠡ


ᠭᠠᠩ ᠶᠡᠭᠡᠳᠪᠠᠯ ᠬᠤᠵᠢᠷ ᠭᠦᠭᠡᠷᠭᠦ

ᠭᠠᠰᠢᠭᠤᠨ ᠶᠡᠭᠡᠳᠪᠠᠯ ᠨᠢᠳᠤ ᠭᠦᠭᠡᠷᠭᠦ

ᠭᠠᠯᠵᠠᠭᠤ ᠶᠡᠭᠡᠳᠪᠠᠯ ᠴᠢᠰᠤ ᠭᠦᠭᠡᠷᠭᠦ


ᠡᠴᠡᠭ᠍ᠰᠡᠨ ᠮᠤᠷᠢᠨ ᠳᠤ ᠡᠮᠡᠭᠡᠯ ᠭᠦᠡᠳᠤ

ᠶᠠᠳᠠᠷᠠᠭᠰᠠᠨ ᠭᠦᠮᠤᠨ ᠳᠤ ᠴᠢᠭᠢ ᠭᠦᠡᠳᠤ

ᠢᠴᠢᠭ᠍ᠰᠡᠨ ᠭᠦᠮᠤᠨ ᠳᠤ ᠥᠭᠡ ᠭᠦᠡᠳᠤ


ᠬᠠᠶᠠᠭᠰᠠᠨ ᠴᠢᠯᠠᠭᠤ ᠭᠠᠵᠠᠷ ᠲᠠᠭᠠᠨ ᠭᠦᠡᠳᠤ

ᠬᠠᠷᠢᠯᠠᠭᠰᠠᠨ ᠭᠡᠦᠭᠡᠨ ᠬᠠᠳᠠᠮ ᠳᠤ ᠭᠦᠡᠳᠤ

ᠬᠠᠰᠠᠭ ᠳᠡᠷᠭᠡ ᠵᠠᠮ ᠳᠠᠭᠠᠨ ᠭᠦᠡᠳᠤ


ᠡᠪᠠᠰᠤᠨ ᠳᠤ ᠣᠷᠤᠭᠰᠠᠨ ᠳᠣᠢ᠌ᠮᠠᠷ ᠭᠠᠯᠵᠠᠭᠤ

ᠡᠮᠡᠭᠡᠯ ᠶᠢᠡᠨ ᠭᠦᠭᠯᠡᠭ᠍ᠰᠡᠨ ᠮᠤᠷᠢ ᠭᠠᠯᠵᠠᠭᠤ

ᠡᠷᠭᠢ ᠪᠠᠨ ᠬᠠᠯᠢᠭᠰᠠᠨ ᠣᠰᠤ ᠭᠠᠯᠵᠠᠭᠤ


ᠠᠷᠢᠭᠢ ᠭᠡᠳᠦᠷᠡᠭ᠍ᠰᠡᠨ ᠰᠤᠭᠳᠤᠭᠤ ᠭᠠᠯᠵᠠᠭᠤ

ᠠᠮᠢᠳᠠᠨ ᠢ ᠬᠠᠳᠤᠷᠠᠭᠰᠠᠨ ᠡᠮ᠎ᠡ ᠭᠠᠯᠵᠠᠭᠤ

ᠠᠢ᠌ᠯ ᠶᠢᠡᠨ ᠰᠠᠭᠢᠭᠰᠠᠨ ᠨᠤᠬᠠᠢ ᠭᠠᠯᠵᠠᠭᠤ


ᠬᠠᠷᠢ ᠳᠤ ᠣᠴᠢᠳᠠᠭ ᠶᠢᠡᠷ ᠶᠢᠡᠨ ᠭᠡᠦᠭᠡᠨ ᠭᠠᠳᠠᠨ᠎ᠠ

ᠬᠠᠯᠠ ᠥᠵᠡᠳᠡᠭ᠌ ᠶᠢᠡᠷ ᠶᠢᠡᠨ ᠭᠠᠷ ᠭᠠᠳᠠᠨ᠎ᠠ

ᠬᠠᠷ᠎ᠠ ᠨᠢᠳᠤᠨ ᠡᠴᠡ ᠭᠦᠮᠦᠰᠭᠡ ᠭᠠᠳᠠᠨ᠎ᠠ


ᠳᠠᠯᠠᠢ ᠳᠠᠪᠣᠰᠤ ᠪᠠᠷ ᠳᠤᠳᠠᠬᠤ ᠴᠠᠭ ᠨᠢᠭᠡ ᠭᠠᠷᠬᠤ

ᠳᠠᠭᠢᠨᠢ ᠡᠷ᠎ᠡ ᠪᠠᠷ ᠳᠤᠳᠠᠬᠤ ᠴᠠᠭ ᠨᠢᠭᠡ ᠭᠠᠷᠬᠤ

ᠳᠡᠯᠡᠭᠡᠢ ᠭᠦᠮᠤᠨ ᠶᠢᠡᠷ ᠳᠤᠳᠠᠬᠤ ᠴᠠᠭ ᠨᠢᠭᠡ ᠭᠠᠷᠬᠤ


ᠴᠠᠴᠠᠨ ᠥᠭᠡ ᠴᠡᠭᠡᠵᠢᠨ ᠡᠴᠡ ᠭᠠᠷᠬᠤ

ᠴᠡᠴᠡᠭ᠌ ᠨᠠᠪᠴᠢ ᠠᠭᠤᠯᠠᠨ ᠡᠴᠡ ᠭᠠᠷᠬᠤ

ᠴᠡᠭᠡ ᠰᠠᠷᠬᠤᠤᠨ ᠰᠦᠨ ᠡᠴᠡ ᠭᠠᠷᠬᠤ


᠊ᠭ᠍‍ᠬᠢᠷ ᠦᠭᠡᠶ ᠳᠤᠯᠢ ᠭᠡᠭᠡᠭᠡᠨ

ᠭᠡᠮ ᠦᠭᠡᠶ ᠭᠦᠮᠤᠨ ᠭᠡᠭᠡᠭᠡᠨ

ᠭᠡᠭᠡᠪᠴᠢ ᠲᠡᠶ ᠭᠡᠷ ᠭᠡᠭᠡᠭᠡᠨ


ᠨᠤᠮᠤ ᠦᠭᠡᠶ ᠶᠠᠪᠣᠪᠠᠯ ᠠᠪᠠ ᠳᠡᠭᠡᠷ᠎ᠡ ᠪᠠᠨ ᠭᠡᠮᠰᠢᠭᠦ

ᠨᠤᠮ ᠦᠭᠡᠶ ᠯᠠᠮᠠ ᠬᠤᠷᠠᠯ ᠳᠡᠭᠡᠷ᠎ᠡ ᠪᠠᠨ ᠭᠡᠮᠰᠢᠭᠦ

ᠣᠢ᠌ᠯᠠ ᠦᠭᠡᠶ ᠭᠡᠦᠭᠡᠨ ᠦᠭ‍ᠭᠦᠭ᠍ᠰᠡᠨ ᠭᠠᠵᠠᠷ ᠲᠠᠭᠠᠨ ᠭᠡᠮᠰᠢᠭᠦ


ᠡᠯᠵᠢᠭᠡ ᠲᠡᠶ ᠯᠠᠮᠠ ᠱᠠᠯᠪᠠᠭ ᠤᠨ ᠭᠤᠤᠯ ᠳ᠋ᠤ

ᠡᠨᠡᠷᠢᠯ ᠲᠡᠶ ᠯᠠᠮᠠ ᠰᠢᠷᠡᠭᠡᠨ ᠤ ᠭᠤᠤᠯ ᠳ᠋ᠤ

ᠡᠮ᠎ᠡ ᠲᠡᠶ ᠯᠠᠮᠠ ᠳᠠᠮᠤ ᠶᠢᠨ ᠭᠤᠤᠯ ᠳ᠋ᠤ


ᠰᠠᠢ᠌ᠨ ᠭᠡᠦᠭᠡᠨ ᠨᠢᠳᠤᠨ ᠤ ᠭᠤᠬ᠎ᠠ

ᠰᠠᠢ᠌ᠨ ᠪᠣᠳᠠᠭ᠎ᠠ ᠰᠢᠳᠤᠨ ᠤ ᠭᠤᠬ᠎ᠠ

ᠰᠠᠢ᠌ᠬᠠᠨ ᠦᠨᠦᠷ ᠬᠠᠮᠠᠷ ᠤᠨ ᠭᠤᠬ᠎ᠠ


ᠠᠬ᠎ᠠ ᠶᠡᠭᠡᠰ ᠢ ᠳᠡᠭᠦᠦᠴᠢᠯᠡᠯ ᠶᠢᠡᠷ ᠭᠦᠢᠴᠡᠳᠭᠡᠭᠦ

ᠠᠳᠠᠯᠢ ᠵᠡᠷᠭᠡ ᠶᠢ ᠡᠶᠡᠯᠳᠡᠭ᠌ ᠶᠢᠡᠷ ᠭᠦᠢᠴᠡᠳᠭᠡᠭᠦ

ᠠᠯᠤᠰ ᠬᠤᠯᠠ ᠶᠢ ᠰᠡᠳᠭᠢᠯ ᠶᠢᠡᠷ ᠭᠦᠢᠴᠡᠳᠭᠡᠭᠦ


ᠡᠴᠢᠭᠡ ᠡᠭᠡ ᠶᠢ ᠡᠯᠪᠠᠷᠢᠯ ᠶᠢᠡᠷ ᠭᠦᠢᠴᠡᠳᠭᠡᠭᠦ

ᠡᠪᠦᠭᠡᠳ ᠭᠦᠭ᠍ᠰᠢᠳ ᠢ ᠭᠦᠡᠳᠦᠯᠡᠯ ᠶᠢᠡᠷ ᠭᠦᠢᠴᠡᠳᠭᠡᠭᠦ

ᠡᠩ ᠤᠨ ᠭᠦᠮᠦᠰ ᠢ ᠨᠠᠢ᠌ᠷ ᠶᠢᠡᠷ ᠭᠦᠢᠴᠡᠳᠭᠡᠭᠦ


ᠡᠭᠡ ᠳᠡᠯᠡᠭᠡᠢ ᠶᠢᠨ ᠢᠷᠤᠭᠠᠷ ᠭᠦᠨ

ᠡᠷᠳᠡᠮᠳᠡᠨ ᠭᠦᠮᠤᠨ ᠤ ᠰᠠᠨᠠᠭ᠎ᠠ ᠭᠦᠨ

ᠡᠩᠭᠡ ᠲᠦᠷᠦ ᠶᠢᠨ ᠪᠣᠳᠤᠯᠭ᠎ᠠ ᠭᠦᠨ


ᠳᠤᠭᠤᠨᠤ ᠪᠣᠰᠬᠠᠪᠠᠯ ᠭᠡᠷ ᠨᠢ ᠮᠠᠨ ᠤ

ᠳᠤᠯᠭ᠎ᠠ ᠪᠠᠷᠢᠪᠠᠯ ᠭᠠᠯ ᠨᠢ ᠮᠠᠨ ᠤ

ᠳᠤᠭᠤᠭ᠎ᠠ ᠳᠠᠯᠪᠢᠪᠠᠯ ᠬᠤᠭᠤᠯᠠ ᠨᠢ ᠮᠠᠨ ᠤ


ᠡᠪᠦᠯ ᠤᠨ ᠮᠠᠭᠤ ᠶᠢ ᠬᠠᠪᠣᠷ ᠳᠡᠭᠡᠷ᠎ᠡ

ᠡᠴᠢᠭᠡ ᠶᠢᠨ ᠮᠠᠭᠤ ᠶᠢ ᠦᠷ᠎ᠡ ᠳᠡᠭᠡᠷ᠎ᠡ

ᠦᠪᠡᠷ ᠤᠨ ᠮᠠᠭᠤ ᠶᠢ ᠭᠦᠮᠤᠨ ᠳᠡᠭᠡᠷ᠎ᠡ


ᠡᠷᠭᠢᠮ ᠳᠡᠨᠡᠭ᠌ ᠭᠦᠤ ᠪᠠᠨ ᠮᠠᠭᠳᠠᠬᠤ

ᠡᠷᠭᠢᠭᠦᠤ ᠳᠡᠨᠡᠭ᠌ ᠡᠭᠡᠨᠡᠷ ᠶᠢᠡᠨ ᠮᠠᠭᠳᠠᠬᠤ

ᠭᠦᠭᠡᠷᠦᠤ ᠳᠡᠨᠡᠭ᠌ ᠭᠦᠤ ᠪᠠᠨ ᠮᠠᠭᠳᠠᠬᠤ


ᠳᠡᠷᠢᠭᠦᠨ ᠳᠡᠨᠡᠭ᠌ ᠡᠭᠡᠨᠡᠷ ᠶᠢᠡᠨ ᠮᠠᠭᠳᠠᠬᠤ

ᠳᠤᠮᠳᠠ ᠳᠡᠨᠡᠭ᠌ ᠮᠤᠷᠢ ᠪᠠᠨ ᠮᠠᠭᠳᠠᠬᠤ

ᠠᠳᠠᠭ ᠳᠡᠨᠡᠭ᠌ ᠪᠠᠶ᠎ᠠ ᠪᠠᠨ ᠮᠠᠭᠳᠠᠬᠤ


ᠨᠢᠭᠡ ᠶᠢ ᠮᠡᠳᠡᠭᠡᠳ ᠬᠤᠶᠠᠷ ᠢ ᠮᠡᠳᠡᠭᠦ ᠥᠭᠡᠢ

ᠨᠢᠭᠦᠯ ᠢ ᠮᠡᠳᠡᠭᠡᠳ ᠪᠣᠶᠠᠨ ᠢ ᠮᠡᠳᠡᠭᠦ ᠥᠭᠡᠢ

ᠨᠢᠮᠭᠡᠨ ᠢ ᠮᠡᠳᠡᠭᠡᠳ ᠵᠤᠵᠠᠭᠠᠨ ᠢ ᠮᠡᠳᠡᠭᠦ ᠥᠭᠡᠢ


ᠭᠦᠮᠤᠨ ᠭᠡᠮ ᠶᠢᠡᠨ ᠮᠡᠳᠡᠭᠦ ᠥᠭᠡᠢ

ᠭᠦᠷᠡᠨ᠎ᠡ ᠥᠮᠡᠭᠡᠢ ᠪᠠᠨ ᠮᠡᠳᠡᠭᠦ ᠥᠭᠡᠢ

ᠳᠡᠮᠡᠭᠡ ᠭᠡᠳᠡᠭᠡᠷ ᠶᠢᠡᠨ ᠮᠡᠳᠡᠭᠦ ᠥᠭᠡᠢ


ᠭᠤᠷᠪᠠᠨ ᠥᠭᠡᠨ ᠤ ᠳᠤᠮᠤᠭ᠎ᠠ ᠮᠡᠳᠡᠭᠦ ᠥᠭᠡᠢ

ᠭᠤᠷᠪᠠᠯᠵᠢᠨ ᠨᠥᠭᠦᠭᠡᠰᠤᠨ ᠤ ᠵᠣᠢ᠌ᠳᠠᠯ ᠮᠡᠳᠡᠭᠦ ᠥᠭᠡᠢ

ᠭᠤᠷᠪᠠᠨ ᠳᠤᠬᠤᠢ ᠪᠦᠰ ᠤᠨ ᠡᠩ ᠮᠡᠳᠡᠭᠦ ᠥᠭᠡᠢ


ᠳᠠᠪᠣ ᠡᠴᠡ ᠳᠡᠭᠡᠭ᠍ᠰᠢ ᠳᠤᠭ᠎ᠠ ᠮᠡᠳᠡᠭᠦ ᠥᠭᠡᠢ

ᠳᠠᠯ᠎ᠠ ᠡᠴᠡ ᠴᠠᠰᠢ ᠭᠠᠵᠠᠷ ᠮᠡᠳᠡᠭᠦ ᠥᠭᠡᠢ

ᠳᠠᠷᠪᠠᠭ᠎ᠠ ᠡᠴᠡ ᠥᠭᠡᠷ᠎ᠡ ᠠᠮᠢᠳᠠᠨ ᠮᠡᠳᠡᠭᠦ ᠥᠭᠡᠢ


ᠰᠢᠳᠤ ᠲᠡᠶ ᠭᠦᠮᠤᠨ ᠳᠤ ᠬᠤᠭᠤᠯᠠ ᠮᠤᠩᠳᠠᠬᠤ ᠥᠭᠡᠢ

ᠰᠥᠭᠡ ᠲᠡᠶ ᠭᠦᠮᠤᠨ ᠳᠤ ᠳᠦᠯᠡᠭᠡ ᠮᠤᠩᠳᠠᠬᠤ ᠥᠭᠡᠢ

ᠰᠦᠰᠦ ᠲᠡᠶ ᠭᠦᠮᠤᠨ ᠳᠤ ᠶᠠᠭᠤ ᠴᠤ ᠮᠤᠩᠳᠠᠬᠤ ᠥᠭᠡᠢ


ᠣᠷᠤᠰᠬᠠᠯ ᠣᠰᠤ ᠨᠢᠭᠡ ᠮᠤᠷᠤᠢ

ᠣᠷᠭᠤᠭ᠎ᠠ ᠮᠤᠳᠤ ᠬᠤᠶᠠᠷ ᠮᠤᠷᠤᠢ

ᠣᠷᠳᠤ ᠵᠠᠮ ᠭᠤᠷᠪᠠ ᠮᠤᠷᠤᠢ


ᠨᠤᠮᠤᠬᠠᠨ ᠭᠦᠮᠤᠨ ᠢ ᠨᠤᠯᠤᠬᠤ ᠳᠤ ᠰᠠᠢ᠌ᠨ

ᠨᠤᠯᠤᠤᠷ ᠲᠡᠶ ᠳᠡᠮᠡᠭᠡ ᠶᠢ ᠵᠤᠯᠭᠠᠭᠠᠬᠤ ᠳᠤ ᠰᠠᠢ᠌ᠨ

ᠨᠤᠯᠳᠤᠷᠠᠭᠰᠠᠨ ᠳᠤᠯᠤᠭᠠᠢ ᠶᠢ ᠮᠥᠯᠵᠢᠭᠦ ᠳᠤ ᠰᠠᠢ᠌ᠨ


ᠠᠪᠣ ᠶᠢᠨ ᠰᠠᠢ᠌ᠨ ᠶᠢᠡᠷ ᠭᠦᠮᠤᠨ ᠳᠠᠨᠢᠬᠤ

ᠠᠭᠳᠠ ᠶᠢᠨ ᠰᠠᠢ᠌ᠨ ᠶᠢᠡᠷ ᠭᠠᠵᠠᠷ ᠳᠠᠨᠢᠬᠤ

ᠪᠠᠭᠰᠢ ᠶᠢᠨ ᠰᠠᠢ᠌ᠨ ᠶᠢᠡᠷ ᠡᠷᠳᠡᠮ ᠳᠠᠨᠢᠬᠤ


ᠡᠭᠡ ᠳᠤ ᠦᠷ᠎ᠡ ᠰᠠᠢ᠌ᠬᠠᠨ

ᠡᠷ᠎ᠡ ᠳᠤ ᠴᠢᠳᠠᠯ ᠰᠠᠢ᠌ᠬᠠᠨ

ᠡᠮᠡᠭᠡᠯ ᠳᠤ ᠭᠠᠠᠵᠤᠭ᠎ᠠ ᠰᠠᠢ᠌ᠬᠠᠨ


ᠣᠨᠤᠵᠤ ᠡᠳ᠋ᠯᠡᠭᠦ ᠳᠤ ᠮᠤᠷᠢ ᠰᠠᠢ᠌ᠬᠠᠨ

ᠣᠷᠭᠤᠵᠤ ᠳᠡᠯᠭᠡᠷᠡᠭᠦ ᠳᠤ ᠴᠡᠴᠡᠭ᠌ ᠰᠠᠢ᠌ᠬᠠᠨ

ᠣᠴᠠᠷᠠᠵᠤ ᠵᠤᠯᠭᠠᠬᠤ ᠳᠤ ᠨᠥᠭᠦᠷ ᠰᠠᠢ᠌ᠬᠠᠨ


ᠬᠠᠭᠢᠷ ᠡᠪᠦᠯ ᠤᠨ ᠴᠠᠰᠤ ᠰᠠᠢ᠌ᠬᠠᠨ

ᠬᠠᠪᠣᠷ ᠴᠠᠭ ᠤᠨ ᠬᠠᠭᠳᠠ ᠰᠠᠢ᠌ᠬᠠᠨ

ᠬᠠᠯᠠᠭᠤᠨ ᠵᠤᠨ ᠤ ᠴᠡᠴᠡᠭ᠌ ᠰᠠᠢ᠌ᠬᠠᠨ


ᠮᠠᠯ ᠳᠤ ᠳᠠᠷᠭᠤ ᠰᠠᠢ᠌ᠬᠠᠨ

ᠮᠠᠯᠠᠭᠠᠢ ᠳᠤ ᠵᠠᠯᠠᠭ᠎ᠠ ᠰᠠᠢ᠌ᠬᠠᠨ

ᠮᠠᠩᠬᠠᠨ ᠳᠤ ᠳᠡᠮᠡᠭᠡ ᠰᠠᠢ᠌ᠬᠠᠨ


ᠠᠮᠠᠨ ᠳᠠᠭᠠᠨ ᠭᠢᠪᠠᠯ ᠬᠠᠢ᠌ᠯᠤᠮᠠᠷ ᠰᠠᠨᠠᠬᠤ

ᠠᠯᠠᠭᠠᠨ ᠳᠠᠭᠠᠨ ᠳᠠᠯᠪᠢᠪᠠᠯ ᠪᠦᠮᠪᠦᠷᠢᠮᠡᠷ ᠰᠠᠨᠠᠬᠤ

ᠠᠷᠤ ᠳᠠᠭᠠᠨ ᠡᠭᠦᠷᠪᠠᠯ ᠣᠨᠠᠮᠠᠷ ᠰᠠᠨᠠᠬᠤ


ᠶᠠᠷᠯᠠᠭ ᠳᠡᠮᠡᠭᠡ ᠰᠠᠪᠠᠰᠤ ᠪᠠᠨ ᠰᠠᠴᠤᠬᠤ

ᠶᠠᠷᠰᠢᠭ ᠡᠷ᠎ᠡ ᠭᠡᠷᠡᠭ᠌ ᠶᠢᠡᠨ ᠰᠠᠴᠤᠬᠤ

ᠢᠯᠠᠭ᠎ᠠ ᠪᠠᠳᠠᠭᠠᠨ᠎ᠠ ᠦᠳᠦ ᠪᠠᠨ ᠰᠠᠴᠤᠬᠤ


ᠭᠡᠭᠡᠪᠴᠢ ᠰᠠᠢ᠌ᠳᠠᠢ ᠭᠡᠷ ᠰᠠᠷᠠᠭᠤᠯ

ᠭᠡᠭᠡᠷᠡᠯ ᠰᠠᠢ᠌ᠳᠠᠢ ᠴᠡᠭᠡᠵᠢ ᠰᠠᠷᠠᠭᠤᠯ

ᠭᠡᠪᠭᠦᠢ ᠰᠠᠢ᠌ᠳᠠᠢ ᠰᠦᠮ᠎ᠡ ᠰᠠᠷᠠᠭᠤᠯ


ᠳᠤᠰᠤ ᠮᠢᠬ᠎ᠠ ᠢᠳᠡᠭ᠍ᠰᠡᠨ ᠯᠠᠮᠠ ᠰᠢᠨᠤᠬᠠᠢ

ᠳᠤᠷᠭ᠎ᠠ ᠳᠤᠷᠳᠤᠩ ᠡᠮᠦᠰᠦᠭ᠍ᠰᠡᠨ ᠪᠠᠶᠠᠨ ᠰᠢᠨᠤᠬᠠᠢ

ᠳᠤᠯᠤᠭᠠᠢ ᠰᠢᠭᠢᠷ᠎ᠠ ᠭᠡᠮᠡᠯᠢᠭ᠍ᠰᠡᠨ ᠨᠤᠬᠠᠢ ᠰᠢᠨᠤᠬᠠᠢ


ᠠᠮᠠᠠᠴᠠᠷ ᠮᠤᠷᠢ ᠠᠪᠠ ᠶᠢᠨ ᠰᠢᠪᠰᠢᠭ᠌

ᠠᠭᠠᠯᠢ ᠦᠭᠡᠶ ᠠᠪᠠᠬᠠᠢ ᠭᠡᠷ ᠤᠨ ᠰᠢᠪᠰᠢᠭ᠌

ᠭᠡᠷᠡᠭᠦᠯᠴᠢ ᠭᠦᠮᠤᠨ ᠭᠡᠭᠡᠷ᠎ᠡ ᠶᠢᠨ ᠰᠢᠪᠰᠢᠭ᠌


ᠡᠮ ᠤᠨ ᠵᠣᠢ᠌ᠯ ᠡᠴᠡ ᠭᠢᠸᠠᠩ ᠰᠢᠷ᠎ᠠ

ᠡᠭᠡᠳᠡᠮ ᠤᠨ ᠵᠣᠢ᠌ᠯ ᠡᠴᠡ ᠣᠭᠤᠷᠠᠭ ᠰᠢᠷ᠎ᠠ

ᠡᠷᠳᠡᠨᠢ ᠶᠢᠨ ᠵᠣᠢ᠌ᠯ ᠡᠴᠡ ᠠᠯᠳᠠ ᠰᠢᠷ᠎ᠠ


ᠨᠢᠳᠤᠨ ᠳᠤ ᠣᠷᠤᠭᠰᠠᠨ ᠬᠤᠭ ᠰᠢᠷᠦᠭᠦᠨ

ᠰᠢᠳᠤᠨ ᠳᠤ ᠣᠷᠤᠭᠰᠠᠨ ᠮᠢᠬ᠎ᠠ ᠰᠢᠷᠦᠭᠦᠨ

ᠨᠥᠭᠡᠨ ᠳᠤ ᠣᠷᠤᠭᠰᠠᠨ ᠵᠠᠷᠠᠭ᠎ᠠ ᠰᠢᠷᠦᠭᠦᠨ


ᠭᠦᠯᠦᠭ᠌ ᠮᠤᠷᠢᠨ ᠤ ᠭᠦᠯ ᠰᠢᠷᠦᠭᠦᠨ

ᠭᠦᠰᠢᠭᠦᠨ ᠨᠤᠮᠤᠨ ᠤ ᠰᠤᠮᠤ ᠰᠢᠷᠦᠭᠦᠨ

ᠭᠦᠭ᠍ᠰᠢᠨ ᠥᠭᠡᠷ ᠤᠨ ᠭᠡᠯᠡ ᠰᠢᠷᠦᠭᠦᠨ


ᠬᠤᠭᠤᠯᠠ ᠭᠤᠷᠢᠳᠠᠭᠰᠠᠨ ᠬᠠᠪᠠ ᠰᠢᠷᠪᠠᠭᠠᠨᠠᠭᠤᠷ

ᠬᠤᠪ ᠭᠤᠷᠢᠳᠠᠭᠰᠠᠨ ᠬᠤᠤᠠᠬᠤᠭᠠᠴᠢ ᠰᠢᠷᠪᠠᠭᠠᠨᠠᠭᠤᠷ

ᠬᠤᠪᠢ ᠭᠤᠷᠢᠳᠠᠭᠰᠠᠨ ᠪᠢᠯᠳᠠᠤᠴᠢ ᠰᠢᠷᠪᠠᠭᠠᠨᠠᠭᠤᠷ


ᠥᠵᠡᠭᠦ ᠨᠢᠳᠤ ᠦᠭᠡᠶ ᠨᠢ ᠨᠢᠭᠡᠳᠦᠭᠡᠷ ᠰᠤᠬᠤᠷ

ᠦᠨᠡᠨ ᠨᠤᠮ ᠦᠭᠡᠶ ᠨᠢ ᠬᠤᠶᠠᠳᠤᠭᠠᠷ ᠰᠤᠬᠤᠷ

ᠦᠷᠦᠰᠢᠶᠠᠯ ᠵᠢᠷᠤᠮ ᠦᠭᠡᠶ ᠨᠢ ᠭᠤᠷᠪᠠᠳᠤᠭᠠᠷ ᠰᠤᠬᠤᠷ


ᠰᠠᠢ᠌ᠨ ᠢ ᠳᠠᠭᠠᠪᠠᠯ ᠰᠠᠢ᠌ᠨ ᠢ ᠰᠤᠷᠬᠤ

ᠰᠠᠮᠵᠠ ᠶᠢ ᠳᠠᠭᠠᠪᠠᠯ ᠥᠰᠦᠷᠭᠦ ᠶᠢ ᠰᠤᠷᠬᠤ

ᠰᠠᠮᠠᠭᠤᠨ ᠢ ᠳᠠᠭᠠᠪᠠᠯ ᠵᠠᠯᠢᠬᠠᠢ ᠶᠢ ᠰᠤᠷᠬᠤ


ᠱᠤᠩᠬᠤᠷ ᠰᠢᠪᠠᠭᠤᠨ ᠤ ᠱᠤᠩᠪᠠᠯᠳᠠ ᠨᠢ ᠰᠥᠷᠡᠭᠡᠢ

ᠱᠤᠭᠳᠠᠢ ᠭᠦᠮᠤᠨ ᠤ ᠶᠤᠭᠳᠠ ᠨᠢ ᠰᠥᠷᠡᠭᠡᠢ

ᠱᠤᠭᠰᠢᠶ᠎ᠠ ᠨᠤᠬᠠᠢ ᠶᠢᠨ ᠬᠤᠪᠳᠤᠭ ᠨᠢ ᠰᠥᠷᠡᠭᠡᠢ


ᠥᠭᠡ ᠰᠤᠢᠷᠪᠠᠯ ᠭᠡᠷᠡᠭᠦᠯ ᠪᠣᠯᠬᠤ

ᠡᠭᠦᠯᠡ ᠰᠤᠢᠷᠪᠠᠯ ᠪᠣᠷᠤᠭᠠᠨ ᠪᠣᠯᠬᠤ

ᠡᠪᠡᠳᠴᠢᠨ ᠰᠤᠢᠷᠪᠠᠯ ᠥᠭᠦᠯ ᠪᠣᠯᠬᠤ


ᠮᠠᠯᠠᠭᠠᠢ ᠵᠡᠭᠦᠪᠠᠴᠤ ᠳᠤᠯᠤᠭᠠᠢ ᠨᠢ ᠱᠤᠪᠳᠤᠩ

ᠮᠠᠩᠨᠤᠭ ᠭᠡᠳᠦᠷᠡᠪᠠᠴᠤ ᠮᠦᠷᠤ ᠨᠢ ᠱᠤᠪᠳᠤᠩ

ᠮᠢᠬ᠎ᠠ ᠢᠳᠠᠪᠠᠴᠤ ᠭᠡᠳᠡᠰᠤ ᠨᠢ ᠱᠤᠪᠳᠤᠩ


ᠨᠤᠮ ᠰᠠᠢ᠌ᠳᠤ ᠶᠢᠨ ᠰᠠᠨᠠᠭ᠎ᠠ ᠳᠠᠢ᠌ᠪᠣᠩ

ᠨᠤᠬᠠᠢ ᠰᠠᠢ᠌ᠳᠤ ᠶᠢᠨ ᠬᠤᠳᠠ ᠳᠠᠢ᠌ᠪᠣᠩ

ᠨᠤᠶᠠᠨ ᠰᠠᠢ᠌ᠳᠤ ᠶᠢᠨ ᠠᠷᠠᠤᠨ ᠳᠠᠢ᠌ᠪᠣᠩ


ᠡᠷ᠎ᠡ ᠶᠢᠨ ᠭᠦᠴᠤᠨ ᠳᠤ ᠡᠮ᠎ᠡ ᠳᠠᠩᠭᠢ

ᠡᠪᠠᠷ ᠤᠨ ᠭᠦᠴᠤᠨ ᠳᠤ ᠪᠣᠭᠤ ᠳᠠᠩᠭᠢ

ᠡᠵᠢ ᠶᠢᠨ ᠡᠨᠡᠷᠢᠯ ᠳᠤ ᠬᠡᠦᠬᠡᠳ ᠳᠠᠩᠭᠢ


ᠣᠷᠤᠨ ᠰᠠᠭᠤᠴᠠ ᠦᠭᠡᠶ ᠭᠣᠢ᠌ᠷᠠᠠᠴᠢ ᠳᠡᠨᠦᠭᠦᠯ

ᠣᠭ ᠦᠨᠳᠦᠰᠦ ᠦᠭᠡᠶ ᠬᠠᠮᠬᠤᠤᠯ ᠳᠡᠨᠦᠭᠦᠯ

ᠣᠯᠠᠢ ᠡᠷᠢᠨ ᠰᠢᠩᠰᠢᠭᠦ ᠨᠤᠬᠠᠢ ᠳᠡᠨᠦᠭᠦᠯ


ᠡᠭᠦᠯᠡ ᠲᠡᠶ ᠡᠳᠦᠷ ᠢ ᠡᠳᠦᠷ ᠶᠢᠡᠷ ᠦᠯᠦ ᠳᠤᠭᠠᠴᠠᠬᠤ

ᠡᠮ᠎ᠡ ᠡᠴᠡ ᠪᠠᠨ ᠠᠶᠤᠬᠤ ᠡᠷ᠎ᠡ ᠶᠢ ᠡᠷ᠎ᠡ ᠳᠤᠷ ᠦᠯᠦ ᠳᠤᠭᠠᠴᠠᠬᠤ

ᠡᠷᠳᠡᠮ ᠦᠭᠡᠶ ᠭᠦᠮᠤᠨ ᠢ ᠰᠠᠴᠠᠨ ᠳᠤᠷ ᠦᠯᠦ ᠳᠤᠭᠠᠴᠠᠬᠤ


ᠣᠢ᠌ᠯᠠ ᠣᠢ᠌ᠯᠠ ᠪᠠᠨ ᠳᠠᠭᠠᠬᠤ

ᠦᠨᠢᠶ᠎ᠡ ᠳᠤᠭᠤᠯ ᠶᠢᠡᠨ ᠳᠠᠭᠠᠬᠤ

ᠣᠷᠤᠭ ᠲᠦᠷᠦᠯ ᠶᠢᠡᠨ ᠳᠠᠭᠠᠬᠤ


ᠰᠡᠭᠦᠯ ᠨᠢ ᠳᠤᠯᠤᠭᠠᠢ ᠪᠠᠨ ᠳᠠᠭᠠᠬᠤ

ᠰᠡᠭᠦᠳᠡᠷ ᠨᠢ ᠪᠠᠶ᠎ᠠ ᠪᠠᠨ ᠳᠠᠭᠠᠬᠤ

ᠰᠠᠨᠠᠭ᠎ᠠ ᠨᠢ ᠰᠡᠳᠭᠢᠯ ᠶᠢᠡᠨ ᠳᠠᠭᠠᠬᠤ


ᠰᠠᠢ᠌ᠨ ᠭᠦᠮᠤᠨ ᠦᠭᠡ ᠳᠠᠭᠠᠭᠠᠬᠤ

ᠰᠠᠭᠠᠭ ᠤᠨ ᠭᠤᠯᠢᠷ ᠣᠰᠤ ᠳᠠᠭᠠᠭᠠᠬᠤ

ᠰᠠᠷᠢᠰᠤᠨ ᠳᠤᠯᠤᠮ ᠳᠤᠰᠤ ᠳᠠᠭᠠᠭᠠᠬᠤ


ᠮᠠᠯ ᠣᠳᠤᠮ ᠶᠢᠠᠨ ᠳᠠᠭᠤᠷᠢᠶᠠᠬᠤ

ᠮᠠᠯᠠᠭᠠᠢ ᠳᠤᠯᠤᠭᠠᠢ ᠪᠠᠨ ᠳᠠᠭᠤᠷᠢᠶᠠᠬᠤ

ᠮᠠᠠᠴᠤᠷᠭ᠎ᠠ ᠰᠢᠳᠠᠮ ᠶᠢᠡᠨ ᠳᠠᠭᠤᠷᠢᠶᠠᠬᠤ


ᠣᠠᠵᠢᠩ ᠬᠠᠮᠠᠷ ᠣᠷᠤᠭᠤᠯ ᠳᠠᠭᠠᠨ ᠳᠠᠷᠤᠭ᠎ᠠ

ᠣᠭᠠᠯᠵᠠᠨ ᠡᠪᠠᠷ ᠣᠬᠤᠷᠬᠠᠢ ᠳᠠᠭᠠᠨ ᠳᠠᠷᠤᠭ᠎ᠠ

ᠣᠬᠤᠨ᠎ᠠ ᠢᠮᠠᠭ᠎ᠠ ᠢᠰᠢᠭᠡᠨ ᠳᠡᠭᠡᠨ ᠳᠠᠷᠤᠭ᠎ᠠ


ᠪᠠᠭᠢ ᠰᠡᠳᠭᠢᠯ ᠶᠢᠡᠷ ᠮᠢᠩᠭ᠎ᠠ ᠶᠢ ᠳᠡᠢ᠌ᠯᠭᠦ

ᠪᠢᠷ᠎ᠠ ᠭᠦᠴᠤ ᠪᠠᠷ ᠨᠢᠭᠡ ᠶᠢ ᠳᠡᠢ᠌ᠯᠭᠦ

ᠪᠢᠴᠢᠭ᠌ ᠡᠷᠳᠡᠮ ᠶᠢᠡᠷ ᠠᠯᠢᠪᠠ ᠶᠢ ᠳᠡᠢ᠌ᠯᠭᠦ


ᠡᠨ ᠥᠰᠦᠭ᠌ ᠨᠤᠮ ᠤᠨ ᠳᠡᠭᠡᠳᠤ

ᠠᠮᠳᠠᠳᠤ ᠰᠥ᠋ ᠢᠳᠡᠭᠡᠨ ᠤ ᠳᠡᠭᠡᠳᠤ

ᠠᠪᠣ ᠡᠵᠢ ᠭᠦᠮᠤᠨ ᠤ ᠳᠡᠭᠡᠳᠤ


ᠳᠠᠷᠠᠰᠤ ᠠᠷᠢᠭᠢ ᠢᠳᠡᠭᠡᠨ ᠤ ᠳᠡᠭᠡᠳᠤ

ᠳᠠᠭᠤᠤ ᠰᠢᠯᠦᠭ᠌ ᠨᠠᠢ᠌ᠷ ᠤᠨ ᠳᠡᠭᠡᠳᠤ

ᠳ᠋ᠠᠠᠵᠤᠤᠷ ᠭᠠᠠᠵᠤᠤᠷ ᠨᠤᠮ ᠤᠨ ᠳᠡᠭᠡᠳᠤ


ᠥᠭᠡᠨ ᠤ ᠴᠥᠭᠡᠨ ᠨᠢ ᠳᠡᠭᠡᠷ᠎ᠡ

ᠥᠭᠡᠷ ᠤᠨ ᠣᠯᠠᠨ ᠨᠢ ᠳᠡᠭᠡᠷ᠎ᠡ

ᠦᠰ ᠤᠨ ᠦᠭᠡᠶ ᠨᠢ ᠳᠡᠭᠡᠷ᠎ᠡ


ᠬᠠᠭᠠᠨ ᠡᠴᠡ ᠪᠠᠨ ᠬᠠᠭᠠᠯᠭᠠᠴᠢ ᠨᠢ ᠳᠡᠭᠡᠷ᠎ᠡ

ᠬᠠᠳᠤᠨ ᠡᠴᠡ ᠪᠠᠨ ᠠᠶᠠᠭᠠᠴᠢ ᠨᠢ ᠳᠡᠭᠡᠷ᠎ᠡ

ᠪᠣᠭᠳᠠ ᠡᠴᠡ ᠪᠠᠨ ᠪᠣᠱᠤᠭᠠᠴᠢ ᠨᠢ ᠳᠡᠭᠡᠷ᠎ᠡ


ᠬᠠᠯᠠ ᠲᠡᠶ ᠴᠤ ᠪᠣᠯ ᠬᠠᠳᠠᠮ ᠡᠭᠡ ᠲᠡᠶ ᠨᠢ ᠳᠡᠭᠡᠷ᠎ᠡ

ᠬᠠᠯᠠᠭᠤᠨ ᠴᠤ ᠪᠣᠯ ᠭᠠᠯ ᠳᠤᠯᠭ᠎ᠠ ᠲᠡᠶ ᠨᠢ ᠳᠡᠭᠡᠷ᠎ᠡ

ᠬᠠᠷᠢᠶᠠᠯ ᠲᠡᠶ ᠴᠤ ᠪᠣᠯ ᠡᠷ᠎ᠡ ᠨᠥᠭᠦᠷ ᠲᠡᠶ ᠨᠢ ᠳᠡᠭᠡᠷ᠎ᠡ


ᠰᠤᠨᠤᠰᠤᠭᠰᠠᠨ ᠡᠴᠡ ᠥᠵᠡᠭ᠍ᠰᠡᠨ ᠨᠢ ᠳᠡᠭᠡᠷ᠎ᠡ

ᠥᠵᠡᠭ᠍ᠰᠡᠨ ᠡᠴᠡ ᠭᠢᠭ᠍ᠰᠡᠨ ᠨᠢ ᠳᠡᠭᠡᠷ᠎ᠡ

ᠰᠠᠭᠤᠭᠰᠠᠨ ᠡᠴᠡ ᠶᠠᠪᠣᠭᠰᠠᠠᠨ ᠨᠢ ᠳᠡᠭᠡᠷ᠎ᠡ


ᠵᠠᠭᠤᠨ ᠭᠦᠮᠤᠨ ᠤ ᠨᠢᠳᠤᠨ ᠳᠡᠭᠡᠷ᠎ᠡ

ᠵᠠᠭᠤᠳᠠᠭ ᠨᠤᠬᠠᠢ ᠶᠢᠨ ᠰᠢᠳᠤᠨ ᠳᠡᠭᠡᠷ᠎ᠡ

ᠵᠢᠷᠭᠤᠭᠠᠯᠵᠢᠨ ᠵᠠᠮ ᠤᠨ ᠠᠭᠤᠯᠵᠠᠷ ᠳᠡᠭᠡᠷ᠎ᠡ


ᠣᠯᠢᠭ ᠦᠭᠡᠶ ᠡᠷ᠎ᠡ ᠡᠮ᠎ᠡ ᠳᠡᠭᠡᠨ ᠳᠡᠭᠡᠷᠡᠯᠭᠡᠭᠦᠨ

ᠣᠭᠳᠤᠷ ᠪᠣᠬ᠎ᠠ ᠪᠢᠷᠠᠭᠤ ᠳᠠᠭᠠᠨ ᠳᠡᠭᠡᠷᠡᠯᠭᠡᠭᠦᠨ

ᠣᠷᠵᠤᠤ ᠨᠤᠬᠠᠢ ᠭᠠᠬᠠᠢ ᠳᠠᠭᠠᠨ ᠳᠡᠭᠡᠷᠡᠯᠭᠡᠭᠦᠨ


ᠣᠬᠠᠭ᠎ᠠ ᠦᠭᠡᠶ ᠭᠦᠮᠤᠨ ᠠᠭᠤᠷ ᠲᠠᠭᠠᠨ ᠴᠢᠩᠭ᠋ᠠᠷᠠᠬᠤ

ᠣᠯᠤᠰᠤᠨ ᠳᠡᠭᠡᠰᠤ ᠣᠰᠤᠨ ᠳᠤ ᠴᠢᠩᠭ᠋ᠠᠷᠠᠬᠤ

ᠣᠨᠤᠭᠰᠠᠨ ᠣᠨᠤᠭ᠎ᠠ ᠪᠣᠷᠳᠤᠭᠠᠨ ᠳᠤ ᠴᠢᠩᠭ᠋ᠠᠷᠠᠬᠤ


ᠮᠠᠭᠤ ᠭᠦᠮᠤᠨ ᠠᠷᠢᠭᠢ ᠪᠠᠷ ᠴᠢᠩᠭ᠋ᠠᠷᠠᠬᠤ

ᠮᠠᠭᠤ ᠮᠢᠬ᠎ᠠ ᠳᠠᠪᠣᠰᠤ ᠪᠠᠷ ᠴᠢᠩᠭ᠋ᠠᠷᠠᠬᠤ

ᠮᠠᠭᠤ ᠠᠷᠠᠰᠤ ᠢᠳᠡᠭᠡ ᠪᠠᠷ ᠴᠢᠩᠭ᠋ᠠᠷᠠᠬᠤ


ᠠᠪᠣ ᠡᠵᠢ ᠭᠡᠷ ᠤᠨ ᠴᠢᠮᠡᠭ᠌

ᠠᠳᠤᠭᠤ ᠮᠠᠯ ᠳᠠᠯ᠎ᠠ ᠶᠢᠨ ᠴᠢᠮᠡᠭ᠌

ᠠᠰᠠᠷ ᠳᠠᠭᠳᠤ ᠬᠤᠳᠠ ᠶᠢᠨ ᠴᠢᠮᠡᠭ᠌


ᠬᠤᠨᠢᠴᠢᠨ ᠭᠦᠮᠤᠨ ᠳᠤ ᠣᠷᠭ᠎ᠠ ᠴᠢᠮᠡᠭ᠌

ᠬᠤᠷᠢᠮᠴᠢ ᠭᠦᠮᠤᠨ ᠳᠤ ᠬᠤᠪᠴᠠᠰᠤ ᠴᠢᠮᠡᠭ᠌

ᠬᠤᠳᠤᠭᠤᠷ ᠭᠠᠵᠠᠷ ᠲᠤ ᠨᠠᠭᠤᠷ ᠴᠢᠮᠡᠭ᠌


ᠰᠠᠭᠠᠳᠠᠭ ᠨᠤᠮᠤ ᠭᠦᠷᠭᠡᠳ ᠤᠨ ᠴᠢᠮᠡᠭ᠌

ᠰᠠᠠᠵᠢᠯᠭ᠎ᠠ ᠰᠥᠢᠭᠡ ᠪᠠᠷᠢᠶᠠᠤᠨ ᠤᠨ ᠴᠢᠮᠡᠭ᠌

ᠰᠠᠬᠠᠯ ᠰᠠᠠᠴᠢᠭ ᠡᠷ᠎ᠡ ᠶᠢᠨ ᠴᠢᠮᠡᠭ᠌


ᠠᠶᠠᠨ ᠤ ᠭᠦᠮᠤᠨ ᠳᠠᠶᠠᠭ ᠴᠢᠷᠭᠦ

ᠠᠳᠤᠭᠤᠴᠢᠨ ᠭᠦᠮᠤᠨ ᠣᠷᠭ᠎ᠠ ᠴᠢᠷᠭᠦ

ᠠᠷᠭᠠᠯᠴᠢᠨ ᠭᠦᠮᠤᠨ ᠠᠷᠤᠭ ᠴᠢᠷᠭᠦ


ᠨᠠᠭᠤᠷ ᠤᠨ ᠵᠠᠬ᠎ᠠ ᠳᠤ ᠨᠤᠭᠤᠰᠤ ᠴᠤᠮᠴᠤᠰ

ᠨᠤᠶᠠᠤᠨ ᠤᠨ ᠵᠠᠬ᠎ᠠ ᠳᠤ ᠭᠢᠶ᠎ᠠ ᠴᠤᠮᠴᠤᠰ

ᠨᠤᠬᠠᠢ ᠶᠢᠨ ᠵᠠᠬ᠎ᠠ ᠳᠤ ᠮᠤᠤᠷ ᠴᠤᠮᠴᠤᠰ


ᠠᠷᠢᠭᠢ ᠦᠭᠡᠶ ᠨᠠᠢ᠌ᠷ ᠴᠤᠯᠭᠤᠢ

ᠠᠪᠣ ᠦᠭᠡᠶ ᠭᠡᠷ ᠴᠤᠯᠭᠤᠢ

ᠠᠰᠠᠷ ᠦᠭᠡᠶ ᠬᠤᠳᠠ ᠴᠤᠯᠭᠤᠢ


ᠠᠭᠤᠯᠠ ᠶᠢᠨ ᠦᠨᠳᠦᠷ ᠲᠤ ᠮᠤᠷᠢ ᠵᠤᠪᠠᠬᠤ

ᠠᠭᠤᠷ ᠤᠨ ᠮᠤᠩᠬᠠᠭ ᠲᠤ ᠪᠠᠶ᠎ᠠ ᠵᠤᠪᠠᠬᠤ

ᠠᠪᠣ ᠶᠢᠨ ᠮᠠᠭᠤ ᠪᠠᠷ ᠦᠷ᠎ᠡ ᠵᠤᠪᠠᠬᠤ


ᠴᠢᠨ᠋ᠸ᠎ᠠ ᠦᠳᠡᠯᠪᠠᠴᠤ ᠬᠤᠨᠢᠨ ᠳᠠᠭᠠᠨ ᠵᠦᠪ

ᠴᠤᠷᠵᠢ ᠦᠳᠡᠯᠪᠠᠴᠤ ᠳᠤᠭᠵᠢᠷ ᠲᠠᠭᠠᠨ ᠵᠦᠪ

ᠴᠠᠴᠠᠷ ᠮᠠᠭᠤᠳᠠᠪᠠᠴᠤ ᠴᠠᠰᠤᠨ ᠳᠠᠭᠠᠨ ᠵᠦᠪ


ᠠᠮᠳᠠᠯᠠᠭᠰᠠᠨ ᠭᠦᠮᠤᠨ ᠤ ᠠᠮᠠ ᠵᠥᠭᠡᠯᠡᠨ

ᠠᠪᠣᠭᠰᠠᠨ ᠭᠦᠮᠤᠨ ᠤ ᠭᠠᠷ ᠵᠥᠭᠡᠯᠡᠨ

ᠠᠷᠭᠠᠳᠤ ᠭᠦᠮᠤᠨ ᠤ ᠥᠭᠡ ᠵᠥᠭᠡᠯᠡᠨ


ᠡᠪᠠᠷ ᠣᠷᠭᠤᠬᠤ ᠦᠭᠡᠶ ᠡᠯᠵᠢᠭᠡ ᠵᠥᠷᠢᠭᠦᠤ

ᠡᠮ᠎ᠡ ᠠᠪᠬᠤ ᠦᠭᠡᠶ ᠯᠠᠮᠠ ᠵᠥᠷᠢᠭᠦᠤ

ᠡᠶ᠎ᠡ ᠮᠡᠳᠡᠭᠦ ᠦᠭᠡᠶ ᠭᠦᠮᠤᠨ ᠵᠥᠷᠢᠭᠦᠤ


ᠠᠪᠣ ᠦᠭᠡᠶ ᠪᠣᠯ ᠨᠢᠭᠡ ᠶᠠᠳᠠᠭᠤ

ᠠᠰᠢᠭ ᠦᠭᠡᠶ ᠪᠣᠯ ᠬᠤᠶᠠᠷ ᠶᠠᠳᠠᠭᠤ

ᠠᠪᠠᠭᠠᠢ ᠦᠭᠡᠶ ᠪᠣᠯ ᠭᠤᠷᠪᠠ ᠶᠠᠳᠠᠭᠤ


ᠡᠷᠳᠡᠮ ᠨᠤᠮ ᠦᠭᠡᠶ ᠨᠢᠭᠡ ᠶᠠᠳᠠᠭᠤ

ᠡᠳ᠋ ᠭᠦᠷᠦᠩᠭᠡ ᠦᠭᠡᠶ ᠬᠤᠶᠠᠷ ᠶᠠᠳᠠᠭᠤ

ᠡᠪ ᠡᠶ᠎ᠡ ᠦᠭᠡᠶ ᠭᠤᠷᠪᠠ ᠶᠠᠳᠠᠭᠤ


ᠠᠷᠭᠠᠯ ᠤᠨ ᠭᠠᠯ ᠤᠨ ᠦᠨᠡᠰᠤ ᠨᠢ ᠶᠡᠭᠡ

ᠠᠯᠵᠠᠭᠤ ᠭᠦᠮᠤᠨ ᠤ ᠨᠣᠢ᠌ᠷ ᠨᠢ ᠶᠡᠭᠡ

ᠠᠳᠬᠠᠭ ᠭᠦᠮᠤᠨ ᠤ ᠠᠭᠤᠷ ᠨᠢ ᠶᠡᠭᠡ


ᠣᠷᠭᠢᠬᠤ ᠨᠢ ᠶᠡᠭᠡᠳᠪᠠᠯ ᠰᠢᠷᠭᠢᠭᠦ ᠨᠢ ᠶᠡᠭᠡ

ᠣᠷᠤᠬᠤ ᠨᠢ ᠶᠡᠭᠡᠳᠪᠠᠯ ᠭᠠᠷᠬᠤ ᠨᠢ ᠶᠡᠭᠡ

ᠣᠯᠬᠤ ᠨᠢ ᠶᠡᠭᠡᠳᠪᠠᠯ ᠠᠯᠳᠠᠬᠤ ᠨᠢ ᠶᠡᠭᠡ


ᠦᠳᠡᠯ᠎ᠠ ᠭᠦᠮᠤᠨ ᠤ ᠠᠭᠤᠷ ᠶᠡᠭᠡ

ᠦᠷᠢᠶ᠎ᠠ ᠮᠤᠷᠢᠨ ᠤ ᠠᠭᠠᠰᠢ ᠶᠡᠭᠡ

ᠦᠰᠢᠶᠠᠳᠤ ᠭᠦᠮᠤᠨ ᠤ ᠬᠤᠤᠷ ᠶᠡᠭᠡ


ᠮᠠᠭᠤ ᠭᠦᠮᠤᠨ ᠤ ᠳᠤᠤᠭᠠᠷᠬᠤ ᠨᠢ ᠶᠡᠭᠡ

ᠮᠠᠭᠤ ᠢᠮᠠᠭᠠᠨ ᠤ ᠮᠠᠢ᠌ᠯᠠᠬᠤ ᠨᠢ ᠶᠡᠭᠡ

ᠮᠠᠭᠤ ᠯᠠᠮᠠ ᠶᠢᠨ ᠠᠶᠠᠯᠠᠬᠤ ᠨᠢ ᠶᠡᠭᠡ


ᠮᠠᠭᠤ ᠭᠦᠮᠤᠨ ᠥᠭᠡ ᠶᠡᠭᠡᠳᠡᠢ

ᠮᠤᠳᠤᠨ ᠲᠦᠯᠡᠰᠢ ᠭᠠᠯ ᠶᠡᠭᠡᠳᠡᠢ

ᠮᠠᠭᠤ ᠭᠤᠧᠨ ᠦᠷ᠎ᠡ ᠶᠡᠭᠡᠳᠡᠢ


ᠰᠤᠨᠦᠮ ᠪᠠᠭᠰᠢ ᠵᠢᠨ《ᠦᠯᠡᠮᠵᠢ ᠥᠭᠡᠨ ᠤ ᠥᠭᠡᠳᠡᠰᠤ》ᠲ᠋ᠡᠭᠦᠪᠦᠷᠢ ᠡᠴᠡ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 13252
ᠴᠠᠭ᠄ 2010 ᠤᠨ ᠤ 02 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ