ᠨᠡᠪᠲᠡᠷᠡᠨ ᠤᠷᠤᠬᠤ
ᠵᠠᠩᠭ᠋ᠠᠷᠴᠢ ᠨᠢᠮ᠎ᠠ ᠭᠡᠭᠡᠳ ᠳᠡᠭᠦᠨ ᠤ ᠭᠡᠯᠡᠭ᠍ᠰᠡᠨ《ᠵᠠᠩᠭ᠋ᠠᠷ》᠊ᠤᠨ ᠭᠡᠪ ᠨᠠᠮᠪᠠ
— ᠠᠮᠠᠨ ᠣᠯᠠᠮᠵᠢᠯᠠᠯ ᠤᠨ ᠦᠷᠳᠡᠭ᠌ ᠢ ᠬᠠᠪᠰᠤᠷᠠᠨ ᠥᠭᠦᠯᠡᠭᠦ ᠨᠢ

ᠭᠠᠷᠴᠠᠭ

ᠨᠢᠭᠡ᠂ ᠵᠠᠩᠭ᠋ᠠᠷᠴᠢ ᠨᠢᠮ᠎ᠠ ᠶᠢᠨ ᠨᠠᠮᠳᠠᠷ ᠪᠣᠯᠤᠨ ᠳᠡᠭᠦᠨ ᠤ ᠵᠠᠩᠭ᠋ᠠᠷ ᠤᠨ ᠳᠤᠬᠠᠢ ᠦᠵᠡᠯᠳᠠ

1᠂ ᠨᠢᠮ᠎ᠠ ᠶᠢᠨ ᠳᠤᠪᠴᠢ ᠨᠠᠮᠳᠠᠷ

2᠂ ᠵᠠᠩᠭ᠋ᠠᠷᠴᠢ ᠨᠢᠮ᠎ᠠ ᠶᠢᠨ 《ᠵᠠᠩᠭ᠋ᠠᠷ》᠊ᠤᠨ ᠳᠤᠬᠠᠢ ᠬᠠᠯᠢᠶᠠᠴᠠ

ᠬᠤᠶᠠᠷ᠂ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠪᠠᠢ᠌ᠳᠠᠯ ᠪᠣᠯᠤᠨ ᠳᠡᠭᠦᠨ ᠤ ᠮᠡᠳᠡᠳᠡᠭ᠌ ᠵᠠᠩᠭ᠋ᠠᠷ ᠤᠨ ᠪᠦᠯᠦᠭ᠌ ᠤᠳ

(ᠨᠢᠭᠡ) ᠰᠤᠷᠪᠣᠯᠵᠢᠯᠠᠭᠰᠠᠨ ᠪᠠᠢ᠌ᠳᠠᠯ

1᠂ ᠪᠣᠰᠤᠳ ᠤᠨ ᠰᠤᠷᠪᠣᠯᠵᠢᠯᠠᠭᠰᠠᠨ ᠪᠠᠢ᠌ᠳᠠᠯ

2᠂ ᠵᠤᠬᠢᠶᠠᠭᠴᠢ ᠶᠢᠨ ᠰᠤᠷᠪᠣᠯᠵᠢᠯᠠᠭᠰᠠᠨ ᠪᠠᠢ᠌ᠳᠠᠯ

(ᠬᠤᠶᠠᠷ) ᠵᠠᠩᠭ᠋ᠠᠷ ᠤᠨ ᠭᠠᠷᠴᠠᠭ

1᠂ ᠵᠠᠩᠭ᠋ᠠᠷᠴᠢ ᠨᠢᠮ᠎ᠠ ᠶᠢᠨ ᠮᠡᠳᠡᠭᠦ 《ᠵᠠᠩᠭ᠋ᠠᠷ》᠊ᠤᠨ ᠪᠦᠭᠦ ᠪᠦᠯᠦᠭ᠌ ᠤᠳ ᠤᠨ ᠭᠠᠷᠴᠠᠭ

2᠂ ᠢᠯᠠ ᠨᠡᠢ᠌ᠳᠡᠯᠡᠭ᠍ᠳᠡᠭ᠍ᠰᠡᠨ ᠪᠦᠯᠦᠭ᠌

3᠂ ᠰᠤᠷᠪᠣᠯᠵᠢᠯᠠᠭᠳᠠᠭᠰᠠᠨ ᠪᠦᠯᠦᠭ᠌ ᠤᠳ ᠤᠨ ᠭᠠᠷᠴᠠᠭ

4᠂ ᠣᠷᠴᠢᠭᠤᠯᠤᠭᠳᠠᠭᠰᠠᠨ ᠪᠦᠯᠦᠭ᠌ ᠤᠨ ᠭᠠᠷᠴᠠᠭ

ᠭᠤᠷᠪᠠ᠂ ᠵᠠᠩᠭ᠋ᠠᠷ ᠰᠤᠷᠳᠠᠭ ᠣᠴᠢᠷ

1᠂ ᠰᠤᠷᠬᠤ ᠣᠴᠢᠷ

2᠂ ᠬᠠᠢ᠌ᠯᠠᠬᠤ ᠣᠴᠢᠷ

3᠂ ᠰᠤᠨᠤᠰᠬᠤ ᠣᠴᠢᠷ

ᠳᠦᠷᠪᠠ᠂ ᠵᠠᠩᠭ᠋ᠠᠷᠴᠢ ᠨᠢᠮ᠎ᠠ ᠶᠢᠨ ᠭᠡᠯᠡᠭ᠍ᠰᠡᠨ ᠵᠠᠩᠭ᠋ᠠᠷ ᠤᠨ ᠭᠡᠪ ᠨᠠᠮᠪᠠ

ᠳᠠᠪᠣ᠂ ᠵᠠᠩᠭ᠋ᠠᠷᠴᠢ ᠭᠢᠭᠡᠳ ᠠᠮᠠᠨ ᠣᠯᠠᠮᠵᠢᠯᠠᠯ ᠤᠨ ᠦᠨ᠎ᠡ ᠦᠷᠳᠡᠭ᠌

(ᠨᠢᠭᠡ) ᠳᠤᠭᠳᠠᠭᠰᠠᠨ ᠴᠡᠭᠡᠷ

(ᠬᠤᠶᠠᠷ) ᠳᠤᠭᠳᠠᠭᠰᠠᠨ ᠵᠤᠷᠢᠯᠭ᠎ᠠ

(ᠭᠤᠷᠪᠠ) ᠵᠠᠩᠭ᠋ᠠᠷᠴᠢ ᠶᠠᠭᠠᠭᠢᠭᠠᠤᠨ ᠭᠡᠳᠦᠢ ᠲᠦᠮᠡᠨ ᠥᠰᠦᠭ᠌ ᠲᠡᠶ 《ᠵᠠᠩᠭ᠋ᠠᠷ》 ᠴᠡᠭᠡᠵᠢᠯᠡᠵᠤ ᠴᠢᠳᠠᠳᠠᠭ ᠪᠣᠢ


〈ᠠᠭᠤᠯᠭ᠎ᠠ ᠶᠢᠨ ᠳᠤᠪᠴᠢ〉

《ᠵᠠᠩᠭ᠋ᠠᠷ》᠊ᠤᠨ ᠳᠤᠤᠯᠢ ᠪᠣᠯ ᠮᠤᠩᠭ᠋ᠤᠯ ᠤᠨ ᠡᠷᠳᠡᠨ ᠤ ᠣᠷᠠᠨ ᠵᠤᠬᠢᠶᠠᠯ ᠤᠨ 《ᠭᠤᠷᠪᠠᠨ ᠣᠷᠭᠢᠯ》᠊ᠤᠨ ᠨᠢᠭᠡᠨ ᠪᠣᠯᠤᠨ᠎ᠠ᠃ ᠥᠩᠭᠡᠷᠡᠭ᠍ᠰᠡᠨ ᠳᠤ 《ᠵᠠᠩᠭ᠋ᠠᠷ》᠊ᠢ ᠡᠮᠭᠢᠦᠡᠭᠡᠨ ᠴᠤᠭᠯᠠᠭᠤᠯᠵᠤ ᠰᠤᠳᠤᠯᠤᠨ ᠰᠢᠡᠵᠢᠯᠡᠭ᠍ᠰᠡᠨ ᠳᠠᠯ᠎ᠠ ᠪᠠᠷ ᠶᠡᠭᠡᠭᠡᠨ ᠠᠮᠵᠢᠯᠳᠠ ᠣᠯᠤᠭᠰᠠᠨ ᠪᠣᠯᠪᠠᠴᠤ ᠳᠤᠰᠬᠠᠢ᠌ᠯᠠᠨ ᠵᠠᠩᠭ᠋ᠠᠷᠴᠢ ᠶᠢ ᠰᠤᠳᠤᠯᠤᠭᠰᠠᠨ ᠰᠤᠳᠤᠯᠭᠠᠨ ᠤ ᠥᠭᠦᠯᠡᠯ ᠴᠥᠭᠡᠨ ᠪᠦᠭᠡᠳ ᠵᠠᠩᠭ᠋ᠠᠷ ᠤᠨ ᠰᠤᠳᠤᠯᠤᠯ ᠨᠢ ᠳᠸᠺᠰᠲ᠋ ᠰᠤᠳᠤᠯᠤᠯ ᠶᠢᠡᠷ ᠭᠤᠤᠯ ᠪᠣᠯᠭᠠᠵᠤ᠂ ᠵᠠᠩᠭ᠋ᠠᠷᠴᠢ ᠶᠢᠨ 《ᠵᠠᠩᠭ᠋ᠠᠷ》᠊ᠤᠨ ᠳᠤᠬᠠᠢ ᠦᠵᠡᠯᠳᠠ ᠳᠠᠨᠢᠯᠳᠠ ᠶᠢ ᠰᠤᠳᠤᠯᠭᠠᠨ ᠳᠠᠭᠠᠨ ᠠᠰᠢᠭᠯᠠᠭᠰᠠᠨ ᠨᠢ ᠴᠥᠭᠡᠨ᠂ ᠥᠭᠦᠯᠡᠯ ᠤᠨ ᠣᠯᠠᠩᠭᠢ ᠨᠢ ᠪᠦᠷ ᠰᠤᠳᠤᠯᠤᠭᠴᠢᠳ ᠤᠨ ᠪᠠᠶᠠᠴᠢ ᠦᠵᠡᠯ ᠶᠢᠡᠷ ᠭᠤᠤᠯᠳᠠᠯᠭ᠎ᠠ ᠪᠣᠯᠭᠠᠵᠤ ᠪᠠᠢ᠌ᠵᠠᠢ᠃

ᠥᠩᠭᠡᠷᠡᠭ᠍ᠰᠡᠨ ᠳᠤ ᠭᠦᠮᠦᠰ ᠭᠡᠭᠡᠷ᠎ᠡ ᠶᠢᠨ ᠰᠢᠡᠵᠢᠯᠡᠭᠡ ᠭᠢᠭᠦ ᠳᠡᠭᠡᠨ ᠪᠦᠷ ᠨᠠᠷᠠᠳᠠᠢ ᠵᠠᠩᠭ᠋ᠠᠷᠴᠢᠳ ᠢ ᠬᠠᠢ᠌ᠨ ᠰᠤᠷᠪᠣᠯᠵᠢᠯᠠᠵᠤ ᠪᠠᠢ᠌ᠭᠰᠠᠨ ᠶᠤᠮ᠃ ᠢᠩᠭᠢᠭ᠍ᠰᠡᠨ ᠡᠴᠡ ᠪᠦᠭᠦ ᠵᠠᠩᠭ᠋ᠠᠷᠴᠢᠳ ᠤᠨ ᠦᠵᠡᠯᠳᠠ ᠳᠠᠨᠢᠯᠳᠠ ᠶᠢ ᠪᠦᠷᠢᠨ ᠢᠯᠡᠷᠡᠭᠦᠯᠵᠤ ᠴᠢᠳᠠᠬᠤ ᠦᠭᠡᠶ᠃ ᠪᠢ ᠠᠮᠢᠳᠤ ᠪᠠᠢ᠌ᠭᠰᠠᠨ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠭᠡᠭᠡᠷ᠎ᠡ ᠶᠢᠨ ᠰᠢᠡᠵᠢᠯᠡᠭᠡᠨ ᠤ ᠮᠠᠲ᠋ᠸᠷᠢᠶᠠᠯ ᠶᠢᠡᠨ ᠦᠨᠳᠦᠰᠦᠯᠠᠨ ᠨᠢᠮ᠎ᠠ ᠶᠢᠨ ᠨᠠᠮᠳᠠᠷ ᠪᠠ 《ᠵᠠᠩᠭ᠋ᠠᠷ》 ᠲᠤ ᠪᠣᠯᠤᠭᠰᠠᠨ ᠬᠠᠯᠢᠶᠠᠴᠠ ᠶᠢ ᠪᠢᠴᠢᠭᠦ ᠪᠠᠷ ᠳᠠᠮᠵᠢᠨ ᠵᠠᠩᠭ᠋ᠠᠷᠴᠢ ᠨᠡᠷ ᠤᠨ 《ᠵᠠᠩᠭ᠋ᠠᠷ》᠊ᠤᠨ ᠳᠤᠬᠠᠢ ᠦᠪᠡᠷ ᠤᠨ ᠭᠡᠰᠡᠨ ᠦᠵᠡᠯᠳᠠ ᠳᠠᠨᠢᠯᠳᠠ ᠲᠡᠶ ᠭᠡᠳᠡᠭ᠌ ᠢ ᠮᠠᠳᠠᠯ᠎ᠠ᠃ ᠵᠠᠩᠭ᠋ᠠᠷᠴᠢᠳ ᠤᠨ 《ᠵᠠᠩᠭ᠋ᠠᠷ》 ᠭᠡᠯᠡᠭᠦ ᠭᠡᠪ ᠨᠠᠮᠪᠠ ᠪᠣᠯ ᠨᠢᠭᠡ ᠵᠣᠢ᠌ᠯ ᠤᠨ ᠭᠡᠯᠡᠭᠦ ᠣᠷᠠᠯᠢᠭ ᠤᠨ ᠭᠡᠯᠪᠠᠷᠢ ᠪᠣᠯᠤᠨ᠎ᠠ᠂ ᠡᠨᠡ ᠨᠢ ᠵᠠᠩᠭ᠋ᠠᠷᠴᠢ ᠪᠠ ᠵᠠᠩᠭ᠋ᠠᠷ ᠤᠨ ᠰᠤᠳᠤᠯᠭᠠᠨ ᠢ ᠭᠦᠡᠵᠡᠭᠡᠢ᠌ᠷᠡᠭᠦᠯᠭᠦ ᠳᠤ ᠴᠢᠬᠤᠯᠠ ᠪᠠᠷᠢᠮᠳᠠ ᠪᠣᠯᠵᠤ ᠪᠠᠢ᠌ᠨ᠎ᠠ᠃ ᠡᠩ ᠤᠨ ᠴᠠᠭ ᠲᠤ ᠵᠠᠩᠭ᠋ᠠᠷᠴᠢᠳ ᠤᠨ 《ᠵᠠᠩᠭ᠋ᠠᠷ》 ᠭᠡᠯᠡᠭᠦ ᠭᠡᠪ ᠨᠠᠮᠪᠠ ᠠᠳᠠᠯᠢ ᠪᠢᠰᠢ ᠪᠣᠯᠳᠠᠭ ᠨᠢ ᠵᠠᠩᠭ᠋ᠠᠷᠴᠢᠳ ᠤᠨ ᠠᠳᠠᠯᠢ ᠪᠣᠰᠤ ᠭᠠᠵᠠᠷ ᠣᠷᠤᠨ᠂ ᠨᠠᠰᠤ ᠵᠢᠯ᠂ ᠵᠠᠩ ᠣᠪᠣᠷ᠂ ᠰᠤᠶᠤᠯ ᠤᠨ ᠭᠢᠷᠢ ᠭᠡᠮᠵᠢᠶ᠎ᠡ᠂ ᠭᠦᠮᠦᠵᠢᠭᠦᠯᠦᠭ᠍ᠰᠡᠨ ᠵᠠᠩᠭ᠋ᠠᠷᠴᠢ ᠪᠠᠭᠰᠢ᠂ ᠵᠠᠩᠭ᠋ᠠᠷᠴᠢ ᠶᠢᠨ ᠳᠤᠰ ᠪᠠᠶ᠎ᠠ ᠶᠢᠨ ᠠᠪᠢᠶᠠᠰ ᠪᠢᠯᠢᠭ᠌ ᠤᠨ ᠠᠳᠠᠯᠢ ᠪᠢᠰᠢ ᠲᠡᠶ ᠬᠤᠯᠪᠣᠭ᠎ᠠ ᠲᠡᠶ᠃ ᠡᠢ᠌ᠮᠤ ᠡᠴᠡ ᠵᠠᠩᠭ᠋ᠠᠷᠴᠢ ᠨᠢᠮ᠎ᠠ ᠶᠢᠨ ᠪᠣᠰᠤᠳ ᠡᠴᠡ ᠢᠯᠭᠠᠭᠳᠠᠬᠤ ᠣᠠᠴᠠᠯᠢᠭ ᠪᠣᠯ 《ᠵᠠᠩᠭ᠋ᠠᠷ》᠊ᠢ ᠭᠤᠤᠯᠳᠠᠭᠤ ᠥᠭᠡᠴᠢᠯᠡᠨ ᠦᠯᠢᠭᠡᠷᠴᠢᠯᠡᠵᠤ ᠭᠡᠯᠡᠳᠡᠭ᠌ ᠮᠦᠷᠳᠡᠭᠡᠨ ᠣᠷᠤᠨ ᠨᠤᠳᠤᠭ ᠤᠨ ᠬᠠᠷ᠎ᠠ ᠭᠡᠯᠡᠯᠭᠡ ᠶᠢ ᠶᠡᠭᠡ ᠭᠡᠷᠡᠭᠯᠡᠳᠡᠭ᠌ ᠲᠤ ᠪᠠᠢ᠌ᠨ᠎ᠠ᠃

ᠡᠷᠳᠡ ᠳᠡᠭᠡᠳᠤ ᠡᠴᠡ ᠠᠪᠣᠭᠠᠤᠨ ᠵᠠᠩᠭ᠋ᠠᠷᠴᠢᠳ 《ᠵᠠᠩᠭ᠋ᠠᠷ》᠊ᠢ ᠰᠤᠷᠴᠤ ᠡᠵᠡᠮᠰᠢᠭᠦ ᠣᠴᠢᠷ ᠰᠢᠯᠳᠠᠭᠠᠨ᠂ ᠵᠤᠷᠢᠯᠭ᠎ᠠ ᠨᠢ ᠪᠦᠷ ᠣᠯᠠᠨ ᠶᠠᠩᠵᠤ ᠶᠢᠨ ᠪᠠᠢ᠌ᠳᠠᠭ᠃ ᠳᠤᠬᠠᠢ᠌ᠯᠠᠪᠠᠯ᠂ 《ᠵᠠᠩᠭ᠋ᠠᠷ》᠊ᠤᠨ ᠪᠠᠭᠠᠳᠤᠷᠴᠤᠳ ᠢ ᠰᠢᠳᠤᠨ ᠪᠢᠰᠢᠷᠡᠭᠦ ᠡᠭᠦᠳᠡᠨ ᠡᠴᠡ ᠰᠤᠷᠤᠭᠰᠠᠨ᠂ ᠡᠰᠡᠭᠦᠯ᠎ᠡ ᠠᠬᠠᠮᠠᠤᠨ ᠨᠢᠭᠡ ᠦᠶ᠎ᠡ ᠶᠢᠨ ᠵᠠᠩᠭ᠋ᠠᠷᠴᠢᠳ ᠲᠤ ᠨᠥᠯᠦᠭᠡᠯᠡᠭ᠍ᠳᠡᠨ ᠠᠶᠠᠠᠳᠠᠭᠠᠨ ᠰᠤᠷᠬᠤ ᠵᠢᠴᠢ ᠵᠡᠭᠦᠳᠤ ᠪᠠᠷ ᠶᠢᠡᠨ ᠰᠤᠷᠴᠢᠬᠠᠭᠰᠠᠨ ᠭᠡᠭᠦ ᠮᠠᠳᠤ᠃ ᠬᠡᠳᠦᠢ᠌ᠪᠡᠷ ᠡᠳᠡᠭᠡᠷ ᠪᠠᠢ᠌ᠳᠠᠯ ᠳᠤ ᠰᠢᠡᠵᠢᠯᠡᠭᠦ ᠣᠬᠠᠭᠠᠠᠴᠢ ᠦᠨᠳᠦᠰᠦ ᠪᠠᠷᠢᠮᠳᠠ ᠦᠭᠡᠶ ᠪᠣᠯᠪᠠᠴᠤ ᠵᠠᠩᠭ᠋ᠠᠷᠴᠢᠳ ᠭᠡᠳᠤᠨ ᠲᠦᠮᠡᠨ ᠥᠰᠦᠭ᠌ ᠲᠡᠶ 《ᠵᠠᠩᠭ᠋ᠠᠷ》᠊ᠢ ᠠᠮᠠᠷᠬᠠᠨ ᠴᠡᠭᠡᠵᠢᠯᠡᠵᠤ ᠴᠢᠳᠠᠳᠠᠭ ᠨᠢ ᠵᠠᠩᠭ᠋ᠠᠷᠴᠢᠳ ᠨᠢᠭᠡ ᠵᠣᠢ᠌ᠯ ᠤᠨ ᠨᠢᠭᠤᠴᠠ ᠵᠤᠷ ᠢ ᠡᠵᠡᠮᠰᠢᠭ᠍ᠰᠡᠨ ᠳᠤ ᠪᠠᠢ᠌ᠨ᠎ᠠ᠃ ᠡᠨᠡ ᠨᠢ ᠳᠠᠷᠤᠢ ᠠᠮᠠᠨ ᠣᠯᠠᠮᠵᠢᠯᠠᠯ ᠤᠨ ᠵᠠᠭᠪᠣᠷᠴᠢᠯᠠᠯ ᠪᠣᠯᠤᠨ᠎ᠠ᠃ ᠵᠠᠩᠭ᠋ᠠᠷᠴᠢᠳ ᠡᠨᠡ ᠵᠠᠭᠪᠣᠷᠴᠢᠯᠠᠯ ᠢ ᠤᠬᠠᠮᠰᠠᠷᠭᠦᠢ ᠪᠣᠶᠤ ᠣᠬᠠᠮᠰᠠᠷᠳᠠᠢ ᠪᠠᠷ ᠡᠵᠡᠮᠰᠢᠭ᠍ᠰᠡᠨ ᠡᠴᠡ ᠭᠡᠳᠤᠨ ᠲᠦᠮᠡᠨ ᠥᠰᠦᠭ᠌ ᠲᠡᠶ 《ᠵᠠᠩᠭ᠋ᠠᠷ》᠊ᠢ ᠴᠡᠭᠡᠵᠢᠯᠡᠵᠤ ᠴᠢᠳᠠᠳᠠᠭ ᠮᠦᠷᠳᠡᠭᠡᠨ ᠢᠷᠠᠭᠤ ᠰᠠᠢ᠌ᠬᠠᠨ ᠶᠢᠡᠷ ᠬᠠᠢ᠌ᠯᠠᠵᠤ (ᠭᠡᠯᠡᠭᠦ) ᠴᠢᠳᠠᠳᠠᠭ ᠪᠣᠯᠵᠠᠢ᠃ ᠠᠮᠠᠨ ᠣᠯᠠᠮᠵᠢᠯᠠᠯ ᠤᠨ ᠵᠠᠭᠪᠣᠷᠴᠢᠯᠠᠯ ᠪᠣᠯ ᠳᠤᠤᠯᠢ 《ᠵᠠᠩᠭ᠋ᠠᠷ》᠊ᠢ ᠰᠤᠷᠴᠤ ᠡᠵᠡᠮᠰᠢᠭᠦ ᠪᠠ ᠣᠯᠠᠮᠵᠢᠯᠠᠨ ᠵᠤᠬᠢᠶᠠᠵᠤ ᠪᠦᠳᠦᠭᠡᠭᠦ ᠨᠢᠭᠡ ᠵᠣᠢ᠌ᠯ ᠤᠨ ᠦᠨᠳᠦᠰᠦᠨ ᠠᠷᠭ᠎ᠠ ᠪᠠ ᠣᠷ᠎ᠠ ᠮᠡᠷᠭᠡᠵᠢᠯ ᠪᠣᠯᠤᠨ᠎ᠠ᠃ ᠠᠯᠢᠪᠠ ᠪᠦᠯᠦᠭ᠌ ᠤᠳ ᠤᠨ ᠡᠭᠢᠨ ᠡᠴᠡ ᠠᠳᠠᠭ ᠭᠦᠷᠳᠡᠯ᠎ᠡ ᠪᠦᠭᠦ ᠠᠭᠤᠯᠭ᠎ᠠ ᠶᠢ ᠬᠠᠮᠤᠷᠴᠤ ᠳᠤᠤᠯᠢ 《ᠵᠠᠩᠭ᠋ᠠᠷ》᠊ᠤᠨ ᠴᠢᠰᠤ ᠮᠢᠬ᠎ᠠ ᠶᠢ ᠪᠦᠷᠢᠯᠳᠡᠭᠦᠯᠤᠨ ᠪᠦᠷᠢᠨ ᠪᠦᠳᠤᠨ ᠪᠣᠯᠭᠠᠵᠤ ᠴᠢᠳᠠᠳᠠᠭ᠃ ᠭᠡᠳᠡᠯ᠎ᠡ ᠳᠠᠷᠠ 《ᠵᠠᠩᠭ᠋ᠠᠷ》᠊ᠤᠨ ᠠᠭᠤᠯᠭ᠎ᠠ ᠪᠢᠰᠢ᠂ ᠠᠭᠤᠯᠭ᠎ᠠ ᠬᠠᠷᠢᠨ ᠳᠡᠭᠦᠨ ᠶᠢᠡᠷ ᠳᠠᠮᠵᠢᠵᠤ ᠢᠯᠡᠷᠡᠳᠡᠭ᠌᠃ ᠡᠢ᠌ᠮᠤ ᠡᠴᠡ ᠠᠮᠢᠳᠤ ᠰᠤᠶᠤᠯ ᠤᠨ ᠬᠤᠪᠢ ᠪᠠᠷ ᠣᠯᠠᠮᠵᠢᠯᠠᠵᠤ ᠢᠷᠡᠭ᠍ᠰᠡᠨ ᠠᠮᠠᠨ ᠣᠯᠠᠮᠵᠢᠯᠠᠯ ᠶᠢᠡᠨ ᠥᠰᠦᠭ᠌ ᠪᠢᠴᠢᠭ᠌ ᠲᠡᠶ ᠦᠶ᠎ᠡ ᠶᠢᠨ ᠰᠤᠶᠤᠯ ᠡᠴᠡ ᠭᠦᠭ᠍ᠵᠢᠯ ᠤᠨ ᠭᠡᠮᠵᠢᠶ᠎ᠡ ᠪᠠᠷ ᠳᠤᠤᠷ᠎ᠠ ᠰᠤᠶᠤᠯ ᠤᠨ ᠭᠡᠯᠪᠠᠷᠢ ᠭᠡᠵᠤ ᠥᠵᠡᠳᠡᠭ᠌ ᠦᠵᠡᠯᠳᠠ ᠪᠠᠨ ᠬᠠᠶᠠᠵᠤ᠂ 《ᠵᠠᠩᠭ᠋ᠠᠷ》 ᠮᠠᠳᠤ ᠶᠢᠨ ᠠᠮᠠᠨ ᠣᠯᠠᠮᠵᠢᠯᠠᠯ ᠤᠨ ᠣᠤᠠᠬ᠎ᠠ ᠰᠠᠨᠠᠭ᠎ᠠ ᠠᠴᠢ ᠬᠤᠯᠪᠣᠭᠳᠠᠯ ᠢ ᠵᠥᠪᠭᠡᠨ ᠳᠸᠺᠰᠲ᠋ ᠡᠴᠡ ᠰᠥᠪᠠᠭ᠍ᠴᠢᠯᠡᠵᠤ ᠪᠣᠯᠬᠤ ᠦᠭᠡᠶ᠂ ᠬᠠᠷᠢᠨ ᠵᠠᠩᠭ᠋ᠠᠷᠴᠢᠳ ᠤᠨ ᠦᠵᠡᠯᠳᠠ ᠳᠠᠨᠢᠯᠳᠠ ᠶᠢ ᠭᠦᠡᠳᠦᠳᠭᠡᠨ ᠰᠤᠳᠤᠯᠭᠠᠨ ᠳᠠᠭᠠᠨ ᠠᠰᠢᠭᠯᠠᠪᠠᠯ 《ᠵᠠᠩᠭ᠋ᠠᠷ》᠊ᠤᠨ ᠰᠤᠳᠤᠯᠭᠠᠨ ᠣᠯᠠᠮ ᠪᠦᠷᠢᠨ ᠳᠡᠭᠦᠯᠳᠡᠷ ᠪᠣᠯᠵᠤ᠂ ᠠᠮᠠᠨ ᠣᠯᠠᠮᠵᠢᠯᠠᠯ ᠤᠨ ᠵᠢᠩᠭᠢᠨᠢ ᠦᠨ᠎ᠡ ᠦᠷᠳᠡᠭ᠌ ᠢ ᠢᠯᠡᠷᠡᠭᠦᠯᠵᠤ ᠴᠢᠳᠠᠬᠤ ᠪᠣᠯᠤᠨ᠎ᠠ᠃


〈ᠵᠠᠩᠭᠢᠯᠭ᠎ᠠ ᠶᠢᠨ ᠥᠭᠡ〉

ᠵᠠᠩᠭ᠋ᠠᠷᠴᠢ ᠨᠢᠮ᠎ᠠ᠂ ᠭᠡᠪ ᠨᠠᠮᠪᠠ᠂ ᠠᠮᠠᠨ ᠣᠯᠠᠮᠵᠢᠯᠠᠯ ᠤᠨ ᠦᠷᠳᠡᠭ᠌


《ᠵᠠᠩᠭ᠋ᠠᠷ》᠊ᠤᠨ ᠳᠤᠤᠯᠢ ᠪᠣᠯ ᠮᠤᠩᠭ᠋ᠤᠯ ᠤᠨ ᠡᠷᠳᠡᠨ ᠤ ᠣᠷᠠᠨ ᠵᠤᠬᠢᠶᠠᠯ ᠤᠨ 《ᠭᠤᠷᠪᠠᠨ ᠣᠷᠭᠢᠯ》᠊ᠤᠨ ᠨᠢᠭᠡᠨ ᠪᠣᠯᠤᠨ᠎ᠠ᠃ ᠥᠩᠭᠡᠷᠡᠭ᠍ᠰᠡᠨ ᠳᠤ 《ᠵᠠᠩᠭ᠋ᠠᠷ》᠊ᠢ ᠡᠮᠭᠢᠦᠡᠭᠡᠨ ᠴᠤᠭᠯᠠᠭᠤᠯᠵᠤ ᠰᠤᠳᠤᠯᠤᠨ ᠰᠢᠡᠵᠢᠯᠡᠭ᠍ᠰᠡᠨ ᠳᠠᠯ᠎ᠠ ᠪᠠᠷ ᠶᠡᠭᠡᠭᠡᠨ ᠠᠮᠵᠢᠯᠳᠠ ᠣᠯᠤᠭᠰᠠᠨ ᠪᠣᠯᠪᠠᠴᠤ ᠂ ᠳᠤᠰᠬᠠᠢ ᠵᠠᠩᠭ᠋ᠠᠷᠴᠢ ᠶᠢ ᠰᠤᠳᠤᠯᠤᠭᠰᠠᠨ ᠰᠤᠳᠤᠯᠭᠠᠨ ᠤ ᠥᠭᠦᠯᠡᠯ ᠴᠥᠭᠡᠨ ᠪᠦᠭᠡᠳ ᠴᠢᠨᠠᠭᠰᠢᠯᠠᠨ ᠰᠤᠳᠤᠯᠤᠭᠴᠢᠳ ᠵᠠᠩᠭ᠋ᠠᠷᠴᠢ ᠶᠢᠨ 《ᠵᠠᠩᠭ᠋ᠠᠷ》᠊ᠤᠨ ᠳᠤᠬᠠᠢ ᠦᠵᠡᠯᠳᠠ ᠳᠠᠨᠢᠯᠳᠠ ᠶᠢ ᠰᠤᠳᠤᠯᠭᠠᠨ ᠳᠠᠭᠠᠨ ᠠᠰᠢᠭᠯᠠᠭᠰᠠᠨ ᠨᠢ ᠴᠥᠭᠡᠨ ᠪᠠᠢ᠌ᠵᠤ᠂ ᠵᠠᠩᠭ᠋ᠠᠷ ᠤᠨ ᠰᠤᠳᠤᠯᠤᠯ ᠨᠢ ᠳᠸᠺᠰᠲ᠋ ᠰᠤᠳᠤᠯᠤᠯ ᠶᠢᠡᠷ ᠭᠤᠤᠯ ᠪᠣᠯᠭᠠᠵᠤ ᠪᠠᠢ᠌ᠵᠠᠢ᠃ ᠪᠢ 《ᠠᠷᠠᠤᠨ ᠤᠨ ᠠᠮᠠᠨ ᠵᠤᠬᠢᠶᠠᠯ ᠤᠨ ᠣᠳᠤᠷᠢᠤᠠᠬᠠᠯ》᠊ᠤᠨ ᠭᠢᠴᠢᠶᠠᠯ ᠢ ᠰᠤᠷᠤᠭᠰᠠᠨ ᠰᠠᠭᠤᠷᠢ ᠳᠡᠭᠡᠷ᠎ᠡ᠂ ᠣᠨᠤᠯ ᠢ ᠥᠢᠯᠡᠳᠦᠯᠭᠡ ᠲᠡᠶ ᠣᠶᠠᠯᠳᠤᠭᠤᠯᠬᠤ ᠡᠭᠦᠳᠡᠨ ᠡᠴᠡ ᠠᠮᠠᠨ ᠵᠤᠬᠢᠶᠠᠯ ᠤᠨ ᠳᠠᠭᠠᠭᠠᠯᠭᠠᠪᠣᠷᠢ ᠶᠢ ᠪᠠᠶᠡᠯᠡᠭᠦᠯᠭᠦ ᠪᠠᠷ ᠵᠠᠩᠭ᠋ᠠᠷ ᠤᠨ ᠳᠤᠬᠠᠢ ᠳᠤᠰᠬᠠᠢ᠌ᠯᠠᠨ ᠭᠡᠭᠡᠷ᠎ᠡ ᠶᠢᠨ ᠰᠢᠡᠵᠢᠯᠡᠭᠡᠨ ᠤ ᠮᠠᠲ᠋ᠸᠷᠢᠶᠠᠯ ᠳᠠᠭᠠᠨ ᠰᠠᠭᠤᠷᠢᠯᠠᠵᠤ᠂ 《ᠵᠠᠩᠭ᠋ᠠᠷ》 ᠰᠤᠷᠬᠤ ᠣᠷ᠎ᠠ ᠮᠡᠷᠭᠡᠵᠢᠯ᠂ ᠵᠠᠩᠭ᠋ᠠᠷᠴᠢ ᠨᠢᠮ᠎ᠠ ᠶᠢᠨ 《ᠵᠠᠩᠭ᠋ᠠᠷ》 ᠭᠡᠯᠡᠭᠦ ᠭᠡᠪ ᠨᠠᠮᠪᠠ ᠵᠢᠴᠢ ᠠᠮᠠᠨ ᠣᠯᠠᠮᠵᠢᠯᠠᠯ ᠦᠨ᠎ᠡ ᠦᠷᠳᠡᠭ᠌ ᠵᠡᠷᠭᠡ ᠳᠠᠯ᠎ᠠ ᠪᠠᠷ ᠳᠤᠷᠰᠢᠨ ᠥᠭᠦᠯᠡᠭᠦ ᠪᠣᠯᠤᠨ᠎ᠠ᠃


ᠨᠢᠭᠡ᠂ ᠵᠠᠩᠭ᠋ᠠᠷᠴᠢ ᠨᠢᠮ᠎ᠠ ᠶᠢᠨ ᠨᠠᠮᠳᠠᠷ ᠪᠣᠯᠤᠨ ᠳᠡᠭᠦᠨ ᠤ ᠵᠠᠩᠭ᠋ᠠᠷ ᠤᠨ ᠳᠤᠬᠠᠢ ᠬᠠᠯᠢᠶᠠᠴᠠ


1᠂ ᠨᠢᠮ᠎ᠠ ᠶᠢᠨ ᠳᠤᠪᠴᠢ ᠨᠠᠮᠳᠠᠷ

ᠵᠠᠩᠭ᠋ᠠᠷᠴᠢ ᠨᠢᠮ᠎ᠠ ᠪᠣᠯ ᠦᠨᠡᠨ ᠰᠥᠰᠦᠭ᠍ᠳᠤ ᠬᠠᠭᠤᠴᠢᠨ ᠳᠤᠷᠭᠤᠳ ᠤᠨ ᠡᠮᠦᠨ᠎ᠡ ᠵᠠᠮ ᠤᠨ ᠴᠢᠭᠤᠯᠭᠠᠨ ᠤ ᠬᠠᠨ ᠤ ᠬᠤᠰᠢᠭᠤᠨ ᠤ ᠱᠠᠪᠢᠨᠠᠷ ᠬᠤᠰᠢᠭᠤᠨ ᠤ ᠠᠠᠵᠢᠶᠠᠨ ᠱᠠᠪᠢᠨᠠᠷ ᠰᠤᠮᠤᠨ ᠤ ᠭᠦᠮᠤᠨ᠃ ᠥᠩᠭᠡ ᠵᠢᠰᠤ ᠨᠢ ᠰᠢᠷ᠎ᠠ ᠣᠴᠢᠷ ᠡᠴᠡ ᠭᠦᠮᠦᠰ ᠰᠢᠷ᠎ᠠ ᠨᠢᠮ᠎ᠠ ᠭᠡᠵᠤ ᠳᠠᠭᠤᠳᠠᠳᠠᠭ᠃ ᠳᠠᠷᠠ 1947 ᠣᠨ ᠤ 8 ᠰᠠᠷ᠎ᠠ ᠶᠢᠨ 15 ᠊ᠤ ᠡᠳᠦᠷ ᠭᠦᠩᠭᠦᠰ ᠤᠨ ᠭᠤᠤᠯ ᠤᠨ ᠮᠠᠯᠴᠢᠨ ᠳᠦᠩᠴᠢᠭ᠌ ᠤᠨ ᠭᠡᠷ ᠲᠤ ᠳᠦᠷᠤᠵᠠᠢ᠃ ᠨᠤᠬᠠᠢ ᠵᠢᠯ ᠲᠡᠶ᠃

ᠨᠢᠮ᠎ᠠ ᠵᠠᠩᠭ᠋ᠠᠷᠴᠢ ᠪᠠᠭ᠎ᠠ ᠳᠠᠭᠠᠨ ᠳᠦᠷᠦᠭ᠍ᠰᠡᠨ ᠠᠪᠠᠭ᠎ᠠ ᠳᠦᠮᠦᠭᠦᠤᠨ ᠯᠤᠪᠤᠨ ᠭᠡᠳᠡᠭ᠌ ᠭᠦᠮᠤᠨ ᠡᠴᠡ 《ᠬᠤᠩᠭ᠋ᠤᠷ ᠤᠨ ᠭᠡᠷ ᠠᠪᠣᠯᠠᠭ᠎ᠠ ᠶᠢᠨ ᠪᠦᠯᠦᠭ᠌》᠂ 《ᠣᠷᠴᠢᠯᠠᠩ ᠤᠨ ᠰᠠᠢ᠌ᠬᠠᠨ ᠮᠢᠩᠶᠠᠨ ᠤ ᠪᠦᠯᠦᠭ᠌》᠂ 《ᠲ᠋ᠤᠭᠰᠢᠨ ᠬᠠᠷ᠎ᠠ ᠰᠠᠨᠠᠯ ᠤᠨ ᠪᠦᠯᠦᠭ᠌》 ᠵᠡᠷᠭᠡ ᠭᠤᠷᠪᠠᠨ ᠪᠦᠯᠦᠭ᠌ ᠢ ᠴᠡᠭᠡᠵᠢ ᠪᠠᠷ ᠰᠤᠷᠴᠤ᠂ ᠪᠣᠰᠤᠳ ᠪᠦᠯᠦᠭ᠌ ᠨᠤᠭᠤᠳ ᠢ ᠨᠤᠳᠤᠭ ᠨᠢᠷᠤᠭᠤᠨ ᠤ ᠨᠠᠷᠠᠳᠠᠢ ᠵᠠᠩᠭ᠋ᠠᠷᠴᠢ ᠨᠡᠷ ᠢ ᠳᠠᠭᠠᠵᠤ ᠦᠷᠭᠦᠯᠵᠢ ᠰᠤᠨᠤᠰᠤᠨ ᠴᠡᠭᠡᠵᠢ ᠪᠠᠷ ᠰᠤᠷᠤᠭᠰᠠᠨ ᠪᠠᠢ᠌ᠨ᠎ᠠ᠃ ᠠᠷᠪᠠᠨ ᠨᠠᠰᠤ ᠭᠦᠷᠳᠡᠯ᠎ᠡ ᠪᠠᠨ ᠭᠦᠩᠭᠦᠰ ᠰᠤᠮᠤᠨ ᠤ ᠷᠠᠰᠢᠶᠠᠨ ᠳᠤᠰᠬᠤᠨ ᠳᠤ ᠪᠠᠢ᠌ᠵᠤ᠂ 1957 ᠣᠨ ᠤ 10 ᠰᠠᠷ᠎ᠠ ᠳᠤ᠂ ᠭᠤᠮᠠᠩ (ᠭᠦᠮᠢᠨ) ᠭᠡᠭᠡᠨ ᠤ ᠪᠠᠢ᠌ᠭᠤᠯᠤᠭᠰᠠᠨ ᠪᠠᠯᠭᠠᠠᠳᠠᠢ ᠶᠢᠨ ᠮᠤᠩᠭ᠋ᠤᠯ ᠰᠤᠷᠭᠠᠭᠤᠯᠢ ᠳᠤ ᠣᠷᠤᠵᠤ ᠪᠢᠴᠢᠭ᠌ ᠨᠤᠮ ᠰᠤᠷᠤᠯᠴᠠᠪᠠ᠃ 1964 ᠣᠨ ᠤ 6 ᠰᠠᠷ᠎ᠠ ᠳᠤ ᠪᠠᠶᠠᠠᠪᠣᠯᠠᠭ ᠤᠨ ᠨᠢ᠋ᠮᠠᠨ ᠰᠠᠷ᠎ᠠ ᠶᠢᠨ ᠳᠠᠯᠠᠪᠠᠢ ᠳᠤ ᠪᠠᠭᠰᠢᠯᠠᠵᠤ ᠪᠠᠢ᠌ᠭᠠᠤᠨ ᠰᠤᠶᠤᠯ ᠤᠨ ᠬᠤᠪᠢᠰᠬᠠᠯ ᠤᠨ ᠦᠶ᠎ᠡ ᠳᠤ 《ᠵᠠᠩᠭ᠋ᠠᠷ》᠊ᠤᠨ ᠣᠷᠰᠢᠭ ᠶᠢᠡᠷ ᠭᠠᠯᠳᠠᠭᠳᠠᠵᠤ᠂ ᠭᠤᠷᠪᠠᠨ ᠵᠢᠯ ᠬᠠᠷ᠎ᠠ ᠪᠦᠯᠦᠭ᠌ ᠪᠣᠯᠤᠭᠠᠤᠨ ᠵᠡᠭᠦᠨ ᠴᠢᠭᠢ ᠨᠢ ᠭᠡᠮᠳᠦᠭ᠍ᠰᠡᠨ ᠡᠴᠡ ᠪᠠᠭᠰᠢ ᠶᠢᠨ ᠠᠵᠢᠯ ᠡᠴᠡ ᠰᠠᠯᠵᠠᠢ᠃ 1992 ᠣᠨ ᠳᠤ ᠪᠠᠶᠠᠠᠪᠣᠯᠠᠭ ᠷᠠᠶᠤᠨ ᠤ ᠳᠠᠷᠢᠶᠠᠯᠠᠬᠤ ᠳᠠᠯᠠᠪᠠᠢ ᠳᠤ ᠳᠠᠷᠢᠶᠠᠴᠢᠨ ᠪᠣᠯᠵᠤ ᠢᠷᠡᠭ᠍ᠰᠡᠨ ᠡᠴᠡ ᠪᠠᠨ 1999 ᠣᠨ ᠳᠤ ᠰᠢᠶᠠᠨ ᠡᠴᠡ ᠠᠮᠢᠳᠤᠷᠠᠯ ᠢ ᠬᠠᠷᠠᠭᠠᠯᠵᠠᠨ ᠡᡁᠸᠵᠢᠩ ᠰᠢᠶᠠᠨ ᠤ ᠬᠠᠷᠠᠮᠤᠳᠤᠨ ᠰᠤᠮᠤᠨ ᠤ ᠵᠥᠭᠡᠯᠡᠨ ᠳᠦᠷᠭᠡᠨ ᠳᠤᠰᠬᠤᠨ ᠳᠤ ᠪᠠᠢ᠌ᠷᠢᠰᠢᠭᠤᠯᠤᠭᠰᠠᠨ ᠪᠠᠢ᠌ᠨ᠎ᠠ᠃ ᠵᠠᠩᠭ᠋ᠠᠷᠴᠢ ᠨᠢᠮ᠎ᠠ ᠳᠤᠳᠤ ᠥᠰᠦᠭ᠌ ᠮᠡᠳᠡᠳᠡᠭ᠌᠃ ᠪᠠᠰᠠ ᠬᠤᠳᠤᠮ ᠥᠰᠦᠭ᠌ ᠢ ᠪᠠᠬᠠᠨ ᠮᠡᠳᠡᠳᠡᠭ᠌ ᠪᠠᠢ᠌ᠨ᠎ᠠ᠃ ᠳᠡᠭᠦᠨ ᠤ ᠡᠮᠡᠭᠡᠨ ᠨᠢ ᠵᠠᠸ᠎ᠠ ᠭᠡᠳᠡᠭ᠌᠃ 1954 ᠣᠨ ᠳᠤ ᠳᠦᠷᠤᠵᠠᠢ᠃ ᠬᠤᠨᠢ ᠵᠢᠯ ᠲᠡᠶ ᠭᠦᠮᠤᠨ᠃ ᠦᠨᠡᠨ ᠰᠥᠰᠦᠭ᠍ᠳᠤ ᠬᠠᠭᠤᠴᠢᠨ ᠳᠤᠷᠭᠤᠳ ᠤᠨ ᠡᠮᠦᠨ᠎ᠡ ᠵᠠᠮ ᠤᠨ ᠴᠢᠭᠤᠯᠭᠠᠨ ᠤ ᠬᠠᠨ ᠤ ᠬᠤᠰᠢᠭᠤᠨ ᠤ ᠱᠠᠪᠢᠨᠠᠷ ᠤᠨ ᠠᠠᠵᠢᠶᠠᠨ ᠱᠠᠪᠢᠨᠠᠷ ᠰᠤᠮᠤᠨ ᠤ ᠦᠯᠵᠠᠢ᠌ᠳᠤ ᠶᠢᠨ ᠭᠡᠦᠭᠡᠨ ᠪᠣᠯᠤᠨ᠎ᠠ᠃ 1976 ᠣᠨ ᠤ 8 ᠰᠠᠷ᠎ᠠ ᠳᠤ ᠨᠢᠮ᠎ᠠ ᠲᠡᠶ ᠬᠤᠷᠢᠮᠯᠠᠵᠠᠢ᠃ ᠭᠤᠷᠪᠠᠨ ᠭᠡᠦᠭᠡᠨ ᠲᠡᠶ᠃ ᠣᠷᠴᠢᠮ ᠤᠨ ᠭᠡᠳᠤᠨ ᠵᠢᠯ ᠤᠨ ᠳᠤᠳᠤᠷ᠎ᠠ ᠬᠤᠶᠠᠷ ᠣᠤᠭᠠᠨ ᠭᠡᠦᠭᠡᠨ ᠨᠢ ᠵᠤᠯ ᠪᠣᠰᠤ ᠪᠠᠷ ᠨᠠᠰᠤ ᠪᠠᠷᠠᠪᠠ᠃ ᠬᠤᠶᠠᠷ ᠭᠡᠦᠭᠡᠨ ᠡᠴᠡ ᠨᠢᠵᠢᠭᠡᠳ ᠦᠯᠡᠳᠡᠭ᠍ᠰᠡᠨ ᠬᠤᠶᠠᠷ ᠵᠢᠭᠡ ᠲ᠋ᠡᠢ ᠪᠠᠨ ᠬᠤᠶᠠᠷ ᠨᠠᠰᠤᠳᠠᠨ ᠬᠠᠮᠳᠤ ᠠᠮᠢᠳᠤᠷᠠᠵᠤ ᠪᠠᠢ᠌ᠨ᠎ᠠ᠃ ᠵᠠᠸ᠎ᠠ ᠡᠵᠢ 30 ᠭᠠᠷᠤᠢ ᠣᠲ᠋ᠤ ᠳᠠᠭᠤᠤ ᠮᠡᠳᠡᠳᠡᠭ᠌᠃ ᠪᠢ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠳᠠᠰᠢᠷᠠᠮ ᠳᠠᠭᠠᠨ ᠵᠠᠸ᠎ᠠ ᠡᠵᠢ ᠡᠴᠡ ᠬᠤᠶᠠᠷ ᠡᠭᠢᠨ ᠳᠠᠭᠤᠤ ᠰᠢᠩᠭᠡᠭᠡᠵᠤ ᠠᠪᠣᠭᠰᠠᠨ ᠪᠢᠯᠠ᠃

ᠨᠢᠮ᠎ᠠ ᠶᠢᠨ ᠦᠶ᠎ᠡ ᠵᠠᠯᠭᠠᠮᠵᠢ ᠳᠤᠤᠷᠠᠭᠢ ᠮᠠᠳᠤ᠄

A᠂ ᠭᠡᠪᠢᠩ

B᠂ ᠳᠦᠮᠭᠡᠳ ᠯᠤᠪᠤᠨ ᠡᠩᠭᠢᠴᠡᠢ — ᠬᠠᠳᠤᠨ ᠪᠠᠳᠮ᠎ᠠ —ᠰᠠᠩᠭ᠋ᠠᠵᠢ —A᠂ ᠭᠡᠯᠳᠡ

C᠂ ᠵᠡᠯᠳᠡᠢ A᠂ ᠬᠠᠭᠰᠡᠮ᠎ᠡ B᠂ ᠴᠡᠭᠡᠷ —A᠂ ᠭᠡᠯᠡᠭ᠌

D᠂ ᠳᠦᠭ᠍ᠴᠢᠭ᠌ — B᠂ ᠨᠢᠮ᠎ᠠ C᠂ ᠬᠠᠭᠠᠯᠭ᠎ᠠ B᠂ ᠯᠢᠭᠡᠢ —

E᠂ ᠴᠣᠢ᠌ᠳᠠᠨ C᠂ ᠳᠤᠷᠵᠢᠴᠠᠷᠠᠨ

F᠂ ᠴᠢᠮᠠᠤᠨ

G᠂ ᠳᠦᠮᠪᠣᠤᠨ


2᠂ ᠵᠠᠩᠭ᠋ᠠᠷᠴᠢ ᠨᠢᠮ᠎ᠠ ᠶᠢᠨ 《ᠵᠠᠩᠭ᠋ᠠᠷ》᠊ᠤᠨ ᠳᠤᠬᠠᠢ ᠬᠠᠯᠢᠶᠠᠴᠠ

ᠲ᠋ᠤᠰ ᠰᠤᠷᠪᠣᠯᠵᠢᠯᠠᠭ᠎ᠠ ᠪᠣᠯ ᠪᠢ 2004 ᠣᠨ ᠤ 2 ᠰᠠᠷ᠎ᠠ ᠶᠢᠨ 9 ᠊ᠤ ᠡᠳᠦᠷ ᠤᠨ ᠦᠳᠡ ᠶᠢᠨ ᠡᠮᠦᠨ᠎ᠡ ᠴᠠᠭ 10᠄ 00 (ᠪᠠᠭᠡᠵᠢᠩ ᠴᠠᠭ) ᠳᠤ ᠡᡁᠸᠵᠢᠩ ᠰᠢᠶᠠᠨ ᠤ ᠬᠠᠷᠠᠮᠤᠳᠤᠨ ᠰᠤᠮᠤᠨ ᠤ ᠵᠥᠭᠡᠯᠡᠨ ᠳᠦᠷᠭᠡᠨ ᠳᠤᠰᠬᠤᠨ ᠳᠤ ᠪᠠᠢ᠌ᠬᠤ ᠵᠠᠩᠭ᠋ᠠᠷᠴᠢ ᠨᠢᠮ᠎ᠠ ᠶᠢᠨ ᠭᠡᠷ ᠲᠤ ᠭᠦᠷᠴᠤ᠂ 《ᠵᠠᠩᠭ᠋ᠠᠷᠴᠢ》ᠵᠢᠨ ᠳᠤᠬᠠᠢ ᠰᠤᠷᠪᠣᠯᠵᠢᠯᠠᠬᠤ ᠫᠷᠦᠭ᠍ᠷᠡᠮ ᠤᠨ ᠶᠤᠰᠤᠭᠠᠷ ᠰᠤᠷᠪᠣᠯᠵᠢᠯᠠᠭᠰᠠᠨ ᠶᠠᠷᠢᠯᠴᠠᠭ᠎ᠠ ᠪᠠᠨ ᠠᠰᠠᠭᠤᠯᠳᠠ ᠬᠠᠷᠢᠭᠤᠯᠳᠠ ᠶᠢᠨ ᠭᠡᠯᠪᠠᠷᠢ ᠪᠠᠷ ᠪᠠᠭᠤᠯᠭᠠᠭᠰᠠᠨ ᠳᠡᠮᠳᠡᠭᠯᠡᠯ ᠪᠣᠯᠤᠨ᠎ᠠ᠃

(ᠰᠤᠷᠪᠣᠯᠵᠢᠯᠠᠭ᠎ᠠ ᠳᠤ ᠰᠤᠷᠪᠣᠯᠵᠢᠯᠠᠭᠴᠢ ᠶᠢᠨ ᠨᠠᠷ᠎ᠠ ᠶᠢ ᠪᠠ᠊ ᠭᠡᠵᠤ ᠳᠤᠪᠴᠢᠯᠠᠨ᠂ ᠰᠢᠷ᠎ᠠ ᠨᠢᠮ᠎ᠠ ᠵᠠᠩᠭ᠋ᠠᠷᠴᠢ ᠶᠢᠨ ᠨᠠᠷ᠎ᠠ ᠶᠢ ᠨᠢ᠊ ᠭᠡᠵᠤ ᠳᠤᠪᠴᠢᠯᠠᠪᠠ)

ᠪᠠ᠊᠄ ᠳᠠ ᠡᠮᠦᠨ᠎ᠡ ᠣᠷᠢᠳᠤ ᠵᠠᠩᠭ᠋ᠠᠷ ᠢ ᠶᠠᠮᠠᠷ ᠶᠠᠮᠠᠷ ᠭᠠᠵᠠᠷ ᠲᠤ ᠭᠡᠯᠡᠵᠤ ᠪᠠᠢ᠌ᠭᠰᠠᠨ ᠪᠣᠢ︖

ᠨᠢ᠊᠄ ᠠᠳᠤᠭᠤᠨ ᠤ ᠬᠤᠤᠱᠢ ᠳᠤ ᠠᠳᠤᠭᠤᠴᠢᠨ ᠣᠯᠠᠨ ᠭᠠᠵᠠᠷ᠂ ᠠᠷ ᠰᠠᠷ ᠠᠵᠢᠯ ᠭᠢᠵᠤ ᠪᠠᠢ᠌ᠭᠰᠠᠨ ᠭᠦᠮᠤᠨ ᠣᠯᠠᠨ ᠴᠤᠭᠯᠠᠷᠠᠭᠰᠠᠨ ᠭᠠᠵᠠᠷ᠂ ᠴᠠᠭᠠᠨ ᠤ ᠭᠤᠴᠢᠨ ᠠᠰᠬᠤᠨ ᠠᠢ᠌ᠯ ᠬᠤᠰᠢᠭᠤ ᠣᠯᠤᠰ ᠨᠤᠭᠤᠳ ᠲᠤ᠂ ᠪᠠᠰᠠ ᠨᠤᠳᠤᠭ ᠤᠨ ᠣᠪᠣᠭ᠎ᠠ ᠳᠠᠭᠢᠯᠭ᠎ᠠ ᠳᠡᠭᠡᠷ᠎ᠡ ᠭᠡᠯᠡᠵᠤ ᠪᠠᠢ᠌ᠯ᠎ᠠ ᠪᠢ᠃

ᠪᠠ᠊᠄ ᠳᠠ ᠵᠠᠩᠭ᠋ᠠᠷ ᠶᠢᠡᠨ ᠨᠤᠳᠤᠭ ᠤᠨ ᠣᠪᠣᠭ᠎ᠠ ᠳᠠᠭᠢᠯᠭ᠎ᠠ ᠳᠡᠭᠡᠷ᠎ᠡ ᠭᠡᠯᠡᠵᠤ ᠪᠠᠢ᠌ᠭᠰᠠᠨ ᠭᠡᠨ᠎ᠡ᠃ ᠳᠡᠭᠡᠪᠠᠯ ᠶᠠᠭᠤᠨ ᠳᠤ ᠣᠪᠣᠭ᠎ᠠ ᠳᠠᠭᠢᠯᠭ᠎ᠠ ᠳᠡᠭᠡᠷ᠎ᠡ ᠭᠡᠯᠡᠳᠡᠭ᠌ ᠶᠤᠮ ᠪᠣᠢ︖

ᠨᠢ᠊᠄ ᠨᠤᠳᠤᠭ ᠣᠰᠤᠨ ᠤ ᠰᠠᠪᠳᠠᠭ ᠰᠢᠪᠳᠠᠭ ᠢ ᠪᠠᠶᠠᠰᠬᠠᠵᠤ᠂ ᠮᠠᠯ ᠬᠠᠷ ᠶᠢᠡᠨ ᠣᠯᠠᠨ ᠪᠣᠯᠭᠠᠵᠤ ᠪᠣᠯᠳᠠᠭ᠃

ᠪᠠ᠊᠄ ᠲ᠋ᠠ ᠵᠠᠩᠭ᠋ᠠᠷ ᠭᠡᠯᠡᠭᠦ ᠦᠶᠡᠰ ᠪᠣᠰᠤᠳ ᠰᠤᠨᠤᠰᠤᠭᠴᠢ ᠳᠤ ᠶᠠᠮᠠᠷ ᠢᠯᠠᠷᠠᠯ ᠭᠠᠷᠬᠤ ᠶᠢ ᠭᠡᠯᠡᠭᠡᠳ ᠦᠭ‍ᠭᠦᠨ᠎ᠡ ᠦᠦ︖

ᠨᠢ᠊᠄ ᠣᠯᠠᠩᠭᠢ ᠳᠠᠭᠠᠨ ᠶᠡᠭᠡ ᠪᠠᠶᠠᠷᠯᠠᠭᠰᠠᠨ ᠢᠯᠠᠷᠠᠯ ᠭᠠᠷᠤᠨ᠎ᠠ᠃ ᠵᠠᠩᠭ᠋ᠠᠷ ᠢ ᠠᠮᠳᠠᠷᠬᠠᠨ ᠰᠤᠨᠤᠰᠤᠭᠴᠢ ᠵᠠᠷᠢᠮ ᠦᠶ᠎ᠡ ᠳᠡᠭᠡᠨ ᠠᠮᠠ ᠡᠴᠡ ᠨᠢ ᠰᠢᠯᠤᠰᠤ ᠭᠤᠭᠤᠵᠢᠬᠤ ᠶᠢ ᠪᠠᠰᠠ ᠮᠡᠳᠡᠭᠦ ᠦᠭᠡᠶ ᠭᠡᠮᠵᠢᠶᠡᠨ ᠳᠤ ᠭᠦᠷᠳᠡᠭ᠌᠃

ᠪᠠ᠊᠄ ᠳᠠ ᠵᠠᠩᠭ᠋ᠠᠷ ᠢ ᠭᠡᠨ ᠡᠴᠡ ᠰᠤᠷᠤᠭᠰᠠᠨ ᠪᠣᠢ︖

ᠨᠢ᠊᠄ ᠳᠦᠷᠦᠭ᠍ᠰᠡᠨ ᠠᠪᠠᠭ᠎ᠠ ᠳᠦᠮᠦᠭᠦᠤᠨ ᠯᠤᠪᠤᠨ ᠡᠴᠡ ᠭᠤᠷᠪᠠᠨ ᠪᠦᠯᠦᠭ᠌ ᠰᠤᠷᠤᠭᠰᠠᠨ᠂ ᠳᠠᠷᠠᠭ᠎ᠠ ᠨᠢ ᠨᠤᠳᠤᠭ ᠨᠢᠷᠤᠭᠤᠨ ᠤ ᠨᠠᠷᠠᠳᠠᠢ ᠵᠠᠩᠭ᠋ᠠᠷᠴᠢ ᠨᠡᠷ ᠢ ᠳᠠᠭᠠᠵᠤ᠂ ᠳᠠᠳᠠᠨ ᠡᠴᠡ ᠭᠡᠳᠤᠨ ᠪᠦᠯᠦᠭ᠌ ᠰᠤᠷᠤᠭᠰᠠᠨ ᠶᠤᠮ᠃

ᠪᠠ᠊᠄ ᠳᠠᠨ ᠤ ᠠᠪᠠᠭ᠎ᠠ ᠶᠢᠨ ᠨᠠᠷ᠎ᠠ ᠡᠴᠡ ᠥᠵᠡᠭᠦᠯ᠎ᠡ ᠯᠠᠮᠠ ᠭᠠᠷᠤᠯ ᠲᠡᠶ ᠭᠦᠮᠤᠨ ᠦᠦ ᠴᠤᠬᠤᠮ ᠶᠠᠭᠤ ᠭᠢᠳᠡᠭ᠌ ᠭᠦᠮᠤᠨ ᠪᠣᠢ︖

ᠨᠢ᠊᠄ ᠳᠠᠢ᠌ᠮᠤ᠂ ᠯᠠᠮᠠ ᠭᠠᠷᠤᠯ ᠲᠡᠶ ᠭᠦᠮᠤᠨ᠂ ᠭᠦᠩᠭᠦᠰ ᠤᠨ ᠭᠤᠤᠯ ᠤᠨ ᠠᠠᠵᠢᠶᠠᠨ ᠭᠦᠷᠢᠶ᠎ᠡ ᠶᠢᠨ ᠯᠤᠪᠤᠨ ᠪᠠᠢ᠌ᠭᠰᠠᠨ ᠪᠠᠰᠠ ᠠᠠᠵᠢᠶᠠᠨ ᠭᠦᠷᠢᠶ᠎ᠡ ᠶᠢᠨ ᠰᠤᠷᠭᠠᠭᠤᠯᠢ ᠶᠢ 1950 ᠣᠨ ᠳᠤ ᠪᠠᠢ᠌ᠭᠤᠯᠵᠤ ᠪᠦᠭᠦ ᠵᠠᠷᠤᠳᠠᠯ ᠢ ᠭᠦᠷᠢᠶ᠎ᠡ ᠡᠴᠡ ᠭᠠᠷᠭᠠᠭᠰᠠᠨ᠂ ᠵᠤᠷᠢᠯᠭ᠎ᠠ ᠨᠢ ᠪᠣᠯᠬᠤᠯ᠎ᠠ ᠱᠠᠪᠢ ᠨᠡᠷ ᠢ ᠬᠠᠷ᠎ᠠ ᠪᠣᠯᠭᠠᠵᠤ ᠡᠷᠳᠡᠮ ᠨᠤᠮ ᠰᠤᠷᠭᠠᠬᠤ ᠶᠢᠨ ᠲᠦᠯᠦᠭᠡ ᠪᠢᠯᠠ᠃ ᠳᠤᠰ ᠪᠠᠶ᠎ᠠ ᠨᠢ ᠪᠣᠯᠬᠤᠯ᠎ᠠ ᠳᠠᠩᠭ᠋ᠤᠤᠨ᠂ ᠭᠢᠳᠠᠤᠨ᠂ ᠣᠷᠤᠰ ᠭᠡᠯᠡᠨ ᠳᠤ ᠨᠡᠪᠳᠡᠷᠡᠭ᠍ᠰᠡᠨ ᠪᠣᠯᠬᠤᠷ ᠪᠠᠰᠠ ᠣᠷᠴᠢᠭᠤᠯᠤᠭᠴᠢ ᠪᠠᠢ᠌ᠭᠰᠠᠨ ᠶᠤᠮ᠃

ᠪᠠ᠊᠄ ᠳᠠ ᠵᠠᠩᠭ᠋ᠠᠷ ᠢ ᠴᠡᠭᠡᠵᠢ ᠪᠠᠷ ᠰᠤᠷᠤᠭᠰᠠᠨ ᠦᠦ︖

ᠨᠢ᠊᠄ ᠳᠠᠢ᠌ᠮᠤ᠃

ᠪᠠ᠊᠄ ᠳᠠᠨ ᠤ ᠨᠤᠳᠤᠭ ᠲᠤ ᠡᠮᠦᠨ᠎ᠡ ᠣᠷᠢᠳᠤ ᠶᠠᠮᠠᠷ ᠶᠠᠮᠠᠷ ᠨᠠᠷᠠᠳᠠᠢ ᠵᠠᠩᠭ᠋ᠠᠷᠴᠢ ᠨᠡᠷ ᠪᠠᠢ᠌ᠭᠰᠠᠨ ᠪᠣᠢ︖

ᠨᠢ᠊᠄ ᠮᠠᠨ ᠤ ᠨᠤᠳᠤᠭ ᠲᠤ ᠳᠤᠷᠵᠢ᠂ ᠨᠤᠶᠠᠨ ᠤ ᠵᠠᠩᠭ᠋ᠠᠷᠴᠢ ᠰᠠᠩᠭ᠋ᠠᠵᠢ᠂ ᠰᠢᠠᠴᠠᠨ ᠭᠡᠭᠡᠨ ᠤ ᠵᠠᠩᠭ᠋ᠠᠷᠴᠢ ᠳ᠋ᠠᠠᠵᠢᠨ᠂ ᠳᠤᠯᠠᠢ ᠵᠡᠷᠭᠡ ᠭᠡᠳᠤᠨ ᠵᠠᠩᠭ᠋ᠠᠷᠴᠢ ᠨᠡᠷ ᠪᠠᠢ᠌ᠭᠰᠠᠨ ᠶᠤᠮ᠃

ᠪᠠ᠊᠄ ᠳᠠ ᠵᠠᠩᠭ᠋ᠠᠷ ᠰᠤᠷᠬᠤ ᠳᠠᠭᠠᠨ ᠪᠠᠯᠡᠭ᠌ ᠪᠠᠷᠢᠵᠤ᠂ ᠭᠦᠮᠤᠨ ᠡᠴᠡ ᠰᠤᠷᠴᠤ ᠪᠠᠢ᠌ᠭᠰᠠᠨ ᠦᠦ︖ ᠡᠰᠡᠭᠦᠯ᠎ᠡ ᠴᠤᠬᠤᠮ ᠶᠠᠮᠠᠷ ᠠᠷᠭ᠎ᠠ ᠪᠠᠷ ᠰᠤᠷᠴᠤ ᠪᠠᠢ᠌ᠭᠰᠠᠨ ᠪᠣᠢ︖

ᠨᠢ᠊᠄ ᠳᠠᠢ᠌ᠮᠤ᠂ ᠡᠢ᠌ᠮᠤ ᠶᠤᠰᠤᠨ ᠪᠠᠢ᠌ᠭᠰᠠᠨ᠂ ᠵᠢᠱᠢᠶᠠᠯᠠᠪᠠᠯ᠂ ᠨᠢᠭᠡ ᠮᠤᠷᠢ᠂ ᠨᠢᠭᠡ ᠠᠯᠴᠢᠭᠤᠷ ᠮᠥᠩᠭᠦ ᠪᠠᠨ ᠪᠠᠷᠢᠵᠤ ᠰᠤᠷᠴᠤ ᠪᠠᠢ᠌ᠭᠰᠠᠨ ᠶᠤᠮ᠃

ᠪᠠ᠊᠄ ᠵᠠᠩᠭ᠋ᠠᠷ ᠢ ᠡᠳᠦᠷ ᠶᠢᠡᠷ ᠬᠠᠢ᠌ᠯᠠᠵᠤ (ᠭᠡᠯᠡᠵᠤ) ᠪᠣᠯᠤᠨ᠎ᠠ ᠦᠦ︖

ᠨᠢ᠊᠄ ᠭᠤᠤᠯᠳᠠᠭᠤ ᠠᠰᠬᠤᠨ ᠳᠤ ᠭᠡᠯᠡᠨ᠎ᠡ᠃ ᠡᠳᠦᠷ ᠶᠢᠡᠷ ᠭᠡᠯᠡᠪᠠᠯ ᠮᠠᠭᠤ ᠢᠷᠸ᠎ᠠ ᠲᠡᠶ᠂ ᠵᠢᠯ ᠣᠲ᠋ᠤ ᠪᠣᠯᠤᠨ᠎ᠠ᠃

ᠪᠠ᠊᠄ ᠵᠠᠩᠭ᠋ᠠᠷ ᠢ ᠳᠤᠳᠠᠭᠤ ᠭᠡᠯᠡᠵᠤ ᠪᠣᠯᠤᠨ᠎ᠠ ᠦᠦ︖

ᠨᠢ᠊᠄ ᠪᠣᠯᠬᠤ ᠦᠭᠡᠶ᠂ ᠡᠷᠭᠡᠪᠰᠢ ᠭᠦᠢᠴᠡᠳ ᠭᠡᠯᠡᠭᠦ ᠭᠡᠷᠡᠭ᠍ᠳᠡᠢ᠃ ᠭᠡᠷᠪᠡ ᠳᠤᠳᠠᠭᠤ ᠭᠡᠯᠡᠪᠠᠯ ᠨᠠᠰᠤᠨ ᠠᠬᠠᠷ ᠪᠣᠯᠤᠨ᠎ᠠ᠃

ᠪᠠ᠊᠄ ᠵᠠᠩᠭ᠋ᠠᠷ ᠭᠡᠯᠡᠭᠦ ᠡᠴᠡ ᠡᠮᠦᠨ᠎ᠡ ᠵᠤᠯᠠ ᠪᠠᠷᠢᠵᠤ᠂ ᠰᠠᠩ ᠳᠠᠯᠪᠢᠬᠤ ᠶᠤᠰᠤᠨ ᠪᠠᠢ᠌ᠨ᠎ᠠ ᠦᠦ︖

ᠨᠢ᠊᠄ ᠪᠠᠢ᠌ᠨ᠎ᠠ᠃ ᠭᠤᠤᠯᠳᠠᠭᠤ ᠴᠤᠭᠯᠠᠷᠠᠭᠰᠠᠨ ᠭᠦᠮᠦᠰ ᠲᠡᠭᠡᠨ ᠪᠣᠳᠠᠭ᠎ᠠ ᠪᠡᠯᠡᠳᠭᠡᠵᠤ᠂ ᠵᠠᠩᠭ᠋ᠠᠷᠴᠢ ᠳᠤ ᠳᠠᠰᠤᠷᠠᠯᠳᠠ ᠦᠭᠡᠶ ᠣᠯᠠᠭᠠᠨ ᠴᠠᠢ ᠭᠢᠵᠤ ᠦᠭ‍ᠭᠦᠨ᠎ᠡ᠃ ᠳᠠᠭᠤᠰᠤᠭᠰᠠᠨ ᠤ ᠳᠠᠷᠠᠭ᠎ᠠ ᠭᠦᠮᠤᠨ ᠪᠦᠷᠢ ᠳᠤ ᠨᠢᠵᠢᠭᠡᠳ ᠭᠠᠷ ᠠᠯᠴᠢᠭᠤᠷ ᠪᠠᠷᠢᠵᠤ᠂ ᠭᠠᠷ ᠴᠠᠢ᠌ᠯᠭᠠᠨ ᠵᠠᠩᠭ᠋ᠠᠷᠴᠢ ᠳᠤ ᠠᠴᠢᠯᠠᠯ ᠮᠡᠳᠡᠭᠦᠯᠵᠤ᠂ ᠬᠤᠨᠢ ᠢᠮᠠᠭ᠎ᠠ ᠪᠠᠷᠢᠳᠠᠭ᠃

ᠪᠠ᠊᠄ ᠰᠦᠮ᠎ᠡ ᠭᠡᠢ᠌ᠤᠨ ᠲᠤ ᠵᠠᠩᠭ᠋ᠠᠷ ᠭᠡᠯᠡᠵᠤ ᠪᠣᠯᠤᠨ᠎ᠠ ᠦᠦ︖

ᠨᠢ᠊᠄ ᠭᠡᠯᠡᠵᠤ ᠪᠣᠯᠬᠤ ᠦᠭᠡᠶ᠂ ᠴᠡᠭᠡᠷᠯᠡᠯ ᠶᠤᠰᠤ ᠲᠡᠶ᠃ ᠣᠴᠢᠷ ᠨᠢ᠂ ᠮᠠᠩᠭ᠋ᠤᠰ ᠵᠡᠷᠭᠡ ᠡᠰᠡᠷᠭᠦ ᠳᠠᠯ᠎ᠠ ᠶᠢᠨ ᠭᠦᠮᠦᠰ ᠭᠠᠷᠳᠠᠭ ᠪᠣᠯᠬᠤᠷ ᠰᠠᠭᠢᠭᠤᠯᠰᠤᠨ ᠴᠣᠢ᠌ᠵᠢᠩ ᠢᠴᠢᠨ᠎ᠠ᠃

ᠪᠠ᠊᠄ ᠳᠠ ᠵᠠᠩᠭ᠋ᠠᠷ ᠤᠨ ᠭᠠᠷ ᠪᠢᠴᠢᠮᠠᠯ ᠢ ᠣᠯᠵᠤ ᠥᠵᠡᠭ᠍ᠰᠡᠨ ᠦᠦ︖

ᠨᠢ᠊᠄ ᠦᠭᠡᠶ᠃

ᠪᠠ᠊᠄ ᠵᠠᠩᠭ᠋ᠠᠷ ᠲᠤ ᠴᠤᠬᠤᠮ ᠭᠡᠳᠦᠢ ᠪᠦᠯᠦᠭ᠌ ᠪᠠᠢ᠌ᠬᠤ ᠶᠢ ᠳᠠ ᠮᠡᠳᠡᠭᠦ ᠦᠦ︖

ᠨᠢ᠊᠄ ᠳᠠᠶᠠᠨ ᠬᠠᠭᠠᠨ ᠤ ᠨᠤᠳᠤᠭ ᠢ ᠳᠠᠩᠭ᠋ᠠᠷ ᠶᠢᠡᠷ ᠨᠢ ᠣᠷᠤᠭᠤᠯᠵᠤ᠂ ᠳᠠᠭᠤᠳᠠᠢ ᠵᠠᠩᠭ᠋ᠠᠷ ᠨᠠᠷ᠎ᠠ ᠪᠠᠨ ᠳᠠᠭᠤᠳᠠᠯᠠᠵᠠᠢ》 ᠭᠡᠳᠡᠭ᠌ ᠡᠴᠡ ᠦᠵᠡᠪᠠᠯ ᠳᠠᠯᠠᠨ ᠪᠦᠯᠦᠭ᠌ ᠪᠣᠯᠬᠤ ᠪᠠᠢ᠌ᠬᠤ ᠡ᠃

ᠪᠠ᠊᠄ ᠡᠷᠳᠡᠨ ᠤ ᠴᠠᠭ ᠲᠤ ᠵᠠᠩᠭ᠋ᠠᠷ ᠣᠩᠰᠢᠬᠤ ᠮᠦᠷᠥᠢ᠌ᠴᠡᠯᠭᠡ ᠭᠢᠵᠤ ᠪᠠᠢ᠌ᠭᠰᠠᠨ ᠦᠦ︖

ᠨᠢ᠊᠄ ᠳᠠᠢ᠌ᠮᠤ ᠮᠠᠷᠭᠤᠭᠠᠨ ᠪᠠᠢ᠌ᠭᠰᠠᠨ᠃ ᠮᠠᠩᠨᠠᠢ ᠠᠪᠣᠭᠰᠠᠨ ᠵᠠᠩᠭ᠋ᠠᠷᠴᠢ ᠳᠤ ᠨᠢᠭᠡ ᠮᠤᠷᠢ᠂ ᠨᠢᠭᠡ ᠶᠤᠮᠪᠣ ᠪᠠᠷ ᠱᠠᠩᠨᠠᠵᠤ ᠪᠠᠢ᠌ᠭᠰᠠᠨ᠂ ᠪᠠᠰᠠ ᠨᠤᠳᠤᠭ ᠡᠷᠭᠢᠨ ᠭᠡᠯᠡᠭᠦ ᠡᠷᠭᠡ ᠣᠯᠳᠠᠭ᠃

ᠪᠠ᠊᠄ ᠶᠠᠮᠠᠷ ᠵᠠᠩᠭ᠋ᠠᠷᠴᠢ ᠶᠢ ᠨᠠᠷᠠᠳᠠᠢ ᠵᠠᠩᠭ᠋ᠠᠷᠴᠢ ᠭᠡᠵᠤ ᠭᠡᠯᠡᠳᠡᠭ᠌ ᠪᠣᠢ︖

ᠨᠢ᠊᠄ ᠨᠠᠷᠠᠳᠠᠢ ᠵᠠᠩᠭ᠋ᠠᠷᠴᠢ ᠪᠣᠯᠬᠤᠯ᠎ᠠ ᠭᠡᠳᠤᠨ ᠠᠷᠪᠠᠨ ᠪᠦᠯᠦᠭ᠌ ᠵᠠᠩᠭ᠋ᠠᠷ ᠮᠡᠳᠡᠳᠡᠭ᠌᠂ ᠪᠠᠰᠠ ᠳᠡᠦᠭᠡ ᠢᠷᠦᠭᠡᠯ ᠮᠡᠳᠡᠳᠡᠭ᠌ ᠭᠦᠮᠤᠨ ᠢ ᠭᠡᠯᠡᠨ᠎ᠡ᠃

ᠪᠠ᠊᠄ ᠰᠤᠶᠤᠯ ᠤᠨ ᠬᠤᠪᠢᠰᠬᠠᠯ ᠤᠨ ᠴᠠᠭ ᠲᠤ ᠵᠠᠩᠭ᠋ᠠᠷᠴᠢ ᠨᠡᠷ ᠶᠠᠭᠤ ᠭᠢᠵᠤ ᠪᠠᠢ᠌ᠭᠰᠠᠨ ᠪᠣᠢ︖

ᠨᠢ᠊᠄ ᠴᠤᠭᠭᠠᠷ ᠬᠠᠷ᠎ᠠ ᠪᠦᠯᠦᠭ᠌ ᠪᠣᠯᠤᠯ᠎ᠠ᠂ ᠭᠡᠪᠠᠴᠤ ᠬᠠᠶᠠ ᠬᠤᠶᠠ ᠬᠤᠯᠠᠭᠠᠢ ᠪᠠᠷ ᠭᠡᠯᠡᠳᠡᠭ᠌ ᠪᠠᠢ᠌ᠭᠰᠠᠨ᠂ ᠰᠤᠶᠤᠯ ᠤᠨ ᠬᠤᠪᠢᠰᠬᠠᠯ ᠤᠨ ᠴᠠᠭ ᠮᠠᠰᠢ ᠬᠠᠷ᠎ᠠ ᠬᠤᠤᠷᠳᠠᠢ ᠪᠠᠢ᠌ᠯ᠎ᠠ᠃ ᠮᠢᠨᠤ ᠨᠢᠳᠤ ᠪᠠᠷ ᠥᠵᠡᠭ᠍ᠰᠡᠨ ᠭᠡᠷᠡᠭ᠌ ᠪᠣᠯᠬᠤᠯ᠎ᠠ ᠫᠦᠷᠪᠠᠢ ᠭᠡᠳᠡᠭ᠌ ᠵᠠᠩᠭ᠋ᠠᠷᠴᠢ ᠶᠢᠨ ᠰᠢᠳᠤ ᠶᠢ ᠳᠡᠭᠦᠭ᠍ᠰᠡᠨ ᠢ ᠥᠵᠡᠭᠡᠳ᠂ ᠵᠢᠷᠦᠭᠡ ᠮᠢᠨᠢ ᠶᠡᠭᠡ ᠰᠢᠮᠰᠢᠷᠡᠭ᠍ᠰᠡᠨ ᠪᠢᠯᠠ᠃

ᠪᠠ᠊᠄ ᠳᠡᠭᠡᠭᠡᠳ ᠰᠤᠶᠤᠯ ᠤᠨ ᠬᠤᠪᠢᠰᠬᠠᠯ ᠣᠲ᠋ᠤ ᠬᠤᠭᠤᠴᠠᠭ᠎ᠠ ᠪᠠᠷ ᠶᠠᠪᠣᠭᠳᠠᠭᠰᠠᠨ ᠪᠣᠯᠬᠤᠷ ᠶᠡᠭᠡᠩᠭᠢ ᠵᠠᠩᠭ᠋ᠠᠷᠴᠢ ᠨᠡᠷ ᠵᠠᠩᠭ᠋ᠠᠷ ᠶᠢᠡᠨ ᠮᠠᠷᠳᠠᠭᠰᠠᠨ ᠪᠠᠢ᠌ᠬᠤ ᠡ᠃

ᠨᠢ᠊᠄ ᠳᠠᠢ᠌ᠮᠤ᠃ ᠳᠤᠳᠠᠭᠤ ᠰᠤᠷᠤᠭᠰᠠᠨ ᠣᠯᠤᠰ ᠨᠤᠭᠤᠳ ᠮᠠᠷᠳᠠᠵᠤ᠂ ᠭᠦᠢᠴᠡᠳ ᠰᠤᠷᠤᠭᠰᠠᠨ ᠨᠢ ᠬᠠᠷᠢᠨ ᠮᠠᠷᠳᠠᠭᠰᠠᠨ ᠦᠭᠡᠶ᠃ ᠰᠤᠶᠤᠯ ᠤᠨ ᠬᠤᠪᠢᠰᠬᠠᠯ ᠤᠨ ᠳᠠᠷᠠᠭ᠎ᠠ ᠳᠠᠭᠢᠭᠠᠤᠨ ᠭᠡᠯᠡᠳᠡᠭ᠌ ᠪᠣᠯᠤᠭᠰᠠᠨ ᠪᠠᠢ᠌ᠨ᠎ᠠ᠃

ᠪᠠ᠊᠄ ᠵᠠᠩᠭ᠋ᠠᠷ ᠭᠡᠯᠡᠭᠦ ᠪᠠ ᠬᠠᠢ᠌ᠯᠠᠬᠤ ᠳᠤ ᠢᠯᠭᠠᠭ᠎ᠠ ᠪᠠᠢ᠌ᠨ᠎ᠠ ᠦᠦ︖

ᠨᠢ᠊᠄ ᠪᠠᠢ᠌ᠨ᠎ᠠ᠃ ᠬᠠᠢ᠌ᠯᠠᠬᠤ ᠪᠣᠯ ᠣᠶᠠᠩᠭ᠋ᠠᠯᠠᠨ ᠭᠡᠯᠡᠳᠡᠭ᠌᠂ ᠮᠦᠨᠴᠤ ᠵᠠᠷᠢᠮ ᠦᠶ᠎ᠡ ᠳᠤ ᠭᠦᠭ᠍ᠵᠢᠮ ᠠᠶᠠᠰ ᠳᠠᠭᠠᠷᠠᠭᠤᠯᠵᠤ ᠭᠡᠯᠡᠳᠡᠭ᠌᠃  ᠭᠡᠯᠡᠭᠦ ᠳᠤ ᠭᠤᠤᠯᠳᠠᠭᠤ ᠥᠭᠡᠴᠢᠯᠡᠨ ᠦᠯᠢᠭᠡᠷᠴᠢᠯᠡᠵᠤ ᠭᠡᠯᠡᠳᠡᠭ᠌᠃

ᠪᠠ᠊᠄ ᠵᠠᠩᠭ᠋ᠠᠷ ᠭᠡᠯᠡᠭᠦ ᠠᠶᠠᠰ ᠠᠢ᠌ᠵᠢᠮ ᠨᠢ ᠪᠦᠷ ᠠᠳᠠᠯᠢ ᠪᠠᠢ᠌ᠳᠠᠭ ᠦᠦ︖

ᠨᠢ᠊᠄ ᠭᠡᠯᠡᠯᠭᠡᠨ ᠦᠭᠡᠶ ᠠᠳᠠᠯᠢ ᠪᠢᠰᠢ᠃ ᠳᠠᠢ᠌ᠨ ᠤ ᠴᠠᠭ ᠦᠶ᠎ᠡ ᠶᠢ ᠭᠡᠯᠡᠭᠦ ᠳᠤ ᠠᠶᠠᠰ ᠨᠢ ᠳᠦᠷᠭᠡᠨ ᠰᠢᠭ᠌ ᠭᠦᠴᠤ ᠲᠡᠶ᠂ ᠪᠣᠰᠤᠳ ᠴᠠᠭ ᠦᠶ᠎ᠡ ᠳᠤ ᠬᠠᠷᠢᠨ ᠳᠦᠪᠭᠢᠭᠦᠨ ᠰᠢᠭ᠌ ᠪᠣᠯᠳᠠᠭ᠃

ᠪᠠ᠊᠄ ᠳᠠᠨ ᠤ ᠥᠵᠡᠭᠦ ᠪᠠᠷ ᠵᠠᠩᠭ᠋ᠠᠷ ᠴᠤᠬᠤᠮ ᠶᠠᠮᠠᠷ ᠭᠦᠮᠤᠨ ᠪᠣᠢ ᠮᠠᠩᠭ᠋ᠤᠰ ᠶᠠᠮᠠᠷ ᠭᠦᠮᠤᠨ ᠪᠣᠢ︖

ᠨᠢ᠊᠄ ᠵᠠᠩᠭ᠋ᠠᠷ ᠪᠣᠯ ᠭᠦᠮᠤᠨ ᠲᠡᠶ ᠠᠳᠠᠯᠢ ᠴᠢᠰᠤ ᠮᠢᠬ᠎ᠠ ᠪᠠᠷ ᠪᠦᠷᠢᠯᠳᠦᠭ᠍ᠰᠡᠨ ᠮᠤᠩᠭ᠋ᠤᠯ ᠠᠷᠠᠳ ᠤᠨ ᠢᠳᠡᠭᠡᠯ ᠢ ᠣᠯᠤᠭᠰᠠᠨ ᠮᠤᠩᠭ᠋ᠤᠯ ᠣᠷᠤᠨ ᠤ ᠨᠠᠷᠠᠳᠠᠢ ᠬᠠᠭᠠᠨ ᠪᠠᠢ᠌ᠬᠤ ᠮᠠᠭᠠᠤᠨ᠃ ᠮᠠᠩᠭ᠋ᠤᠰ ᠪᠣᠯ ᠪᠠᠰᠠ ᠭᠦᠮᠤᠨ ᠲᠡᠶ ᠠᠳᠠᠯᠢ ᠭᠦᠮᠤᠨ᠂ ᠬᠠᠷᠢᠨ ᠱᠤᠯᠤᠮ ᠴᠢᠦᠡᠭᠦᠷ ᠪᠢᠰᠢ᠃ ᠭᠡᠭᠦ ᠳᠡᠭᠡᠨ ᠬᠤᠪᠳᠤᠭ ᠰᠡᠳᠭᠢᠯ ᠬᠤᠤᠷᠠᠨ ᠰᠠᠨᠠᠭ᠎ᠠ ᠲᠡᠶ ᠮᠠᠭᠤ ᠶᠠᠭᠤᠮ᠎ᠠ ᠭᠢᠳᠡᠭ᠌ ᠭᠦᠮᠤᠨ᠃

ᠪᠠ᠊᠄ ᠳᠠ ᠵᠠᠩᠭ᠋ᠠᠷ ᠢ ᠮᠤᠩᠭ᠋ᠤᠯ ᠣᠷᠤᠨ ᠤ ᠨᠢᠭᠡ ᠬᠠᠭᠠᠨ ᠪᠠᠢ᠌ᠬᠤ ᠡ ᠭᠡᠵᠤ ᠭᠡᠯᠡᠵᠤ ᠪᠠᠢ᠌ᠨ᠎ᠠ᠃ ᠳᠠᠭᠠᠭᠤᠯ᠎ᠡ ᠳᠠ ᠮᠤᠩᠭ᠋ᠤᠯ ᠳᠡᠦᠭᠡᠨ ᠳ᠋ᠠᠭᠢ ᠠᠯᠢ ᠬᠠᠭᠠᠨ ᠢ ᠭᠡᠯᠡᠵᠤ ᠪᠠᠢ᠌ᠨ᠎ᠠ ᠳ᠋ᠠ︖

ᠨᠢ᠊᠄ ᠵᠠᠩᠭ᠋ᠠᠷ ᠤᠨ ᠪᠦᠭᠦ ᠣᠢ᠌ᠯᠠ ᠶᠠᠪᠣᠳᠠᠯ ᠡᠴᠡ ᠥᠵᠡᠭᠦᠯ᠎ᠡ ᠳᠠᠷᠬᠠᠨ ᠪᠣᠳᠠᠷᠬᠠᠢ ᠮᠤᠩᠭ᠋ᠤᠯᠴᠤᠳ ᠢ ᠨᠢᠭᠡᠳᠭᠡᠭ᠍ᠰᠡᠨ ᠪᠠᠢ᠌ᠳᠠᠯ ᠲᠡᠶ ᠵᠠᠩᠭ᠋ᠠᠷ ᠪᠣᠯ ᠮᠠᠨ ᠤ ᠤᠢ᠌ᠷᠠᠤᠨ ᠮᠤᠩᠭ᠋ᠤᠯᠴᠤᠳ ᠤᠨ ᠳᠤᠳᠤᠷ᠎ᠠ ᠡᠭᠦᠰᠦᠭ᠍ᠰᠡᠨ ᠪᠣᠯᠬᠤᠷ ᠵᠠᠩᠭ᠋ᠠᠷ ᠮᠠᠳᠤ ᠣᠢ᠌ᠯᠠ ᠶᠠᠪᠣᠳᠠᠯ ᠲᠡᠶ ᠬᠠᠭᠠᠨ ᠭᠡᠪᠠᠯ ᠡᠰᠡᠨ ᠬᠠᠭᠠᠨ ᠪᠠᠢ᠌ᠬᠤ ᠶᠤᠰᠤᠳᠠᠢ᠃

ᠪᠠ᠊᠄ ᠵᠠᠩᠭ᠋ᠠᠷ ᠶᠠᠭᠠᠭᠢᠭᠠᠤᠨ ᠪᠠᠶ᠎ᠠ ᠪᠠᠷ ᠶᠢᠡᠨ ᠳᠠᠢ᠌ᠨ ᠳᠤ ᠴᠥᠭᠡᠨ ᠭᠠᠷᠳᠠᠭ ᠪᠣᠢ︖

ᠨᠢ᠊᠄ ᠳᠠᠢ᠌ᠨ ᠳᠤ ᠴᠥᠭᠡᠨ ᠭᠠᠷᠳᠠᠭ ᠣᠴᠢᠷ ᠨᠢ ᠮᠤᠩᠭ᠋ᠤᠯᠴᠤᠳ ᠠᠷᠤ ᠨᠤᠳᠤᠭ ᠶᠢᠡᠨ ᠡᠵᠡᠨ ᠦᠭᠡᠶ ᠬᠠᠶᠠᠳᠠᠭ ᠶᠤᠰᠤᠨ ᠦᠭᠡᠶ᠂ ᠬᠠᠭᠠᠨ ᠭᠦᠮᠤᠨ ᠡᠷᠭᠡᠪᠰᠢ ᠪᠠᠢ᠌ᠷᠢ ᠪᠠᠨ ᠰᠠᠭᠢᠳᠠᠭ᠃

ᠪᠠ᠊᠄ ᠳᠠ ᠠᠷᠤ ᠪᠣᠮᠪᠠ ᠶᠢᠨ ᠣᠷᠤᠨ ᠢ ᠮᠡᠳᠡᠳᠡᠭ᠌ ᠦᠦ ᠭᠡᠷᠪᠡ ᠪᠠᠢ᠌ᠳᠠᠭ ᠪᠣᠯᠬᠤᠯ᠎ᠠ ᠣᠳᠤ ᠬᠠᠮᠢᠭᠠᠭᠤᠷ ᠪᠠᠢ᠌ᠳᠠᠭ ᠪᠣᠢ︖

ᠨᠢ᠊᠄ ᠵᠠᠩᠭ᠋ᠠᠷ ᠲᠤ ᠬᠠᠷᠭᠠᠳᠠᠨ ᠭᠤᠤᠯ ᠤᠨ ᠪᠣᠷᠭᠠᠰᠤᠨ ᠭᠡᠳᠡᠭ᠌ ᠨᠢᠭᠡ ᠭᠠᠵᠠᠷ ᠤᠨ ᠨᠠᠷ᠎ᠠ ᠭᠠᠷᠳᠠᠭ᠂ ᠡᠨᠡ ᠬᠠᠷᠭᠠᠳᠠᠨ ᠭᠤᠤᠯ ᠠᠯᠳᠠᠢ ᠭᠠᠵᠠᠷ ᠣᠷᠤᠨ ᠳᠤ ᠪᠠᠢ᠌ᠨ᠎ᠠ᠃

ᠪᠠ᠊᠄ ᠵᠠᠩᠭ᠋ᠠᠷ ᠪᠠ ᠳᠤᠤᠯᠢ ᠬᠤᠶᠠᠷ ᠤᠨ ᠢᠯᠭᠠᠭ᠎ᠠ ᠶᠢ ᠳᠠ ᠮᠡᠳᠡᠭᠦ ᠦᠦ︖

ᠨᠢ᠊᠄ ᠵᠠᠩᠭ᠋ᠠᠷ ᠪᠣᠯ ᠣᠲ᠋ᠤ ᠦᠷᠭᠦᠯᠵᠢᠯᠡᠭ᠍ᠰᠡᠨ ᠭᠡᠰᠡᠭ᠌ ᠲᠡᠶ᠃ ᠳᠤᠤᠯᠢ ᠬᠠᠷᠢᠨ ᠠᠬᠠᠷ ᠦᠯᠢᠭᠡᠷ ᠭᠡᠯᠡᠪᠠᠯ ᠣᠯᠳᠠᠭ ᠳᠤᠤᠯᠢ᠂ ᠶᠠᠪᠠᠭᠠᠨ ᠦᠯᠢᠭᠡᠷ ᠭᠡᠭᠦ ᠮᠠᠳᠤ᠃

ᠪᠠ᠊᠄ ᠵᠠᠩᠭ᠋ᠠᠷ ᠭᠡᠯᠡᠭᠦ ᠪᠠᠨ ᠳᠠ ᠪᠣᠰᠤᠳ ᠲᠤ ᠣᠯᠠᠮᠵᠢᠯᠠᠬᠤ ᠰᠠᠨᠠᠭ᠎ᠠ ᠪᠠᠢ᠌ᠨ᠎ᠠ ᠦᠦ︖

ᠨᠢ᠊᠄ ᠳᠠᠢ᠌ᠮᠤ ᠰᠠᠨᠠᠭᠠᠨ ᠪᠠᠢ᠌ᠨ᠎ᠠ᠂ ᠶᠠᠳᠠᠬᠤ ᠳᠠᠭᠠᠨ ᠨᠢᠭᠡ ᠠᠷᠪᠠᠨ ᠭᠦᠮᠤᠨ ᠳᠤ ᠣᠯᠠᠮᠵᠢᠯᠠᠬᠤ ᠭᠦᠰᠡᠯ ᠮᠢᠨᠢ ᠪᠠᠢ᠌ᠨ᠎ᠠ᠃ ᠭᠡᠪᠠᠴᠤ ᠮᠠᠯᠴᠢᠨ ᠳᠠᠷᠢᠶᠠᠴᠢᠨ ᠤ ᠭᠦᠪᠠᠭᠦᠤᠨ ᠰᠤᠷᠬᠤ ᠰᠠᠨᠠᠭ᠎ᠠ ᠦᠭᠡᠶ᠂ ᠬᠠᠷᠢᠨ ᠣᠷᠠᠯᠢᠭ ᠤᠨ ᠵᠠᠮ ᠭᠦᠭᠡᠭᠡᠵᠤ ᠪᠠᠢ᠌ᠭ᠎ᠠ ᠣᠯᠤᠰ ᠨᠤᠭᠤᠳ ᠰᠤᠷᠬᠤ ᠳᠤᠷ᠎ᠠ ᠲᠡᠶ ᠪᠠᠢ᠌ᠨ᠎ᠠ᠃


ᠬᠤᠶᠠᠷ᠂ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠪᠠᠢ᠌ᠳᠠᠯ ᠪᠣᠯᠤᠨ ᠳᠡᠭᠦᠨ ᠤ ᠮᠡᠳᠡᠳᠡᠭ᠌ ᠵᠠᠩᠭ᠋ᠠᠷ ᠤᠨ ᠪᠦᠯᠦᠭ᠌ ᠤᠳ


(ᠨᠢᠭᠡ) ᠰᠤᠷᠪᠣᠯᠵᠢᠯᠠᠭᠰᠠᠨ ᠪᠠᠢ᠌ᠳᠠᠯ

1᠂ ᠪᠣᠰᠤᠳ ᠤᠨ ᠰᠤᠷᠪᠣᠯᠵᠢᠯᠠᠭᠰᠠᠨ ᠪᠠᠢ᠌ᠳᠠᠯ

1978 ᠣᠨ ᠳᠤ ᠳᠤ᠋·ᠪᠠᠳᠮ᠎ᠠ᠂ ᠳ᠋ᠤᠷᠪᠠ ᠨᠡᠷ ᠦᠷᠤᠮᠴᠢ ᠡᠴᠡ ᠭᠦᠩᠭᠦᠰ ᠤᠨ ᠭᠤᠤᠯ ᠳᠤ ᠢᠷᠠᠵᠤ᠂ ᠵᠠᠩᠭ᠋ᠠᠷᠴᠢ ᠨᠢᠮ᠎ᠠ ᠡᠴᠡ 《ᠵᠠᠩᠭ᠋ᠠᠷ》 ᠭᠡᠯᠡᠭᠦᠯᠵᠤ᠂ ᠺᠠᠰᠸᠲ᠋ ᠤᠨ ᠰᠢᠩᠭᠡᠭᠡᠯᠳᠡ ᠭᠢᠭᠦ ᠶᠢᠨ ᠬᠠᠮᠳᠤ᠂ ᠵᠠᠩᠭ᠋ᠠᠷᠴᠢ ᠨᠢᠮ᠎ᠠ ᠶᠢᠨ ᠵᠢᠷᠤᠭ ᠢ ᠰᠡᠭᠦᠳᠡᠷᠯᠡᠨ ᠠᠪᠴᠠᠢ᠃ 1981 ᠣᠨ ᠳᠤ ᠵᠠᠮᠴᠠ᠂ ᠳ᠋ᠤᠷᠪᠠ ᠨᠡᠷ ᠪᠠᠶᠠᠠᠪᠣᠯᠠᠭ ᠤᠨ ᠪᠠᠶᠠᠨ᠊ᠠ᠋ᠭᠤᠯᠠ ᠰᠤᠮᠤᠨ ᠳᠤ ᠢᠷᠠᠵᠤ ᠵᠠᠩᠭ᠋ᠠᠷᠴᠢ ᠨᠢᠮ᠎ᠠ ᠡᠴᠡ 《ᠵᠠᠩᠭ᠋ᠠᠷ》᠊ᠤᠨ ᠳᠤᠬᠠᠢ ᠶᠠᠷᠢᠯᠴᠠᠭ᠎ᠠ ᠭᠢᠵᠤ ᠳᠡᠮᠳᠡᠭᠯᠡᠪᠡ᠃ 1984 ᠣᠨ ᠳᠤ ᠦᠪᠣᠷ ᠮᠤᠩᠭ᠋ᠤᠯ ᠡᠴᠡ ᠳ·ᠭᠡᠷᠡᠯᠳᠤ ᠭᠦᠩᠭᠦᠰ ᠤᠨ ᠭᠤᠤᠯ ᠳᠤ ᠢᠷᠠᠵᠤ ᠵᠠᠩᠭ᠋ᠠᠷ᠂ ᠭᠡᠰᠡᠷ᠂ ᠠᠬᠠᠷ ᠳᠡᠦᠭᠡ᠂ ᠳᠤᠷᠭᠤᠳ ᠤᠨ ᠳᠡᠦᠭᠡ ᠶᠢᠨ ᠳᠤᠬᠠᠢ ᠶᠠᠷᠢᠯᠴᠠᠭ᠎ᠠ ᠭᠢᠵᠤ ᠳᠡᠮᠳᠡᠭᠯᠡᠪᠡ᠃ 1986 ᠣᠨ ᠳᠤ ᠰᠢᠠᠵᠢᠶᠠᠩ ᠤᠨ ᠡᠳᠦᠷ ᠤᠨ ᠰᠤᠨᠢᠨ ᠤ ᠬᠤᠷᠢᠶ᠎ᠠ ᠶᠢᠨ ᠠᠷᠠ ᠳ᠋ᠦᠢ ᠵᠠᠩ (队长)ᠵᠢᠨ ᠭᠦᠪᠠᠭᠦᠨ ᠪᠠᠳᠠᠢ ᠡᠴᠡ ᠵᠠᠩᠭ᠋ᠠᠷ ᠢ ᠭᠡᠯᠡᠭᠦᠯᠵᠤ ᠺᠠᠰᠸᠲ᠋ ᠤᠨ ᠰᠢᠩᠭᠡᠭᠡᠯᠳᠡ ᠭᠢᠵᠤ ᠠᠪᠬᠤ ᠶᠢᠨ ᠬᠠᠮᠳᠤ ᠵᠠᠩᠭ᠋ᠠᠷ ᠤᠨ ᠳᠤᠬᠠᠢ ᠶᠠᠷᠢᠯᠴᠠᠭ᠎ᠠ ᠭᠢᠵᠤ ᠳᠡᠮᠳᠡᠭᠯᠡᠪᠡ᠃ 1988 ᠣᠨ ᠤ 8 ᠰᠠᠷ᠎ᠠ ᠳᠤ ᠦᠷᠤᠮᠴᠢ ᠳᠤ ᠬᠤᠷᠠᠯᠳᠤᠭᠤᠯᠤᠭᠰᠠᠨ ᠳᠤᠮᠳᠠᠳᠤ ᠣᠯᠤᠰ ᠤᠨ 《ᠵᠠᠩᠭ᠋ᠠᠷ》᠊ᠤᠨ ᠳᠤᠤᠯᠢ ᠶᠢᠨ ᠣᠯᠠᠨ ᠣᠯᠤᠰ ᠤᠨ ᠠᠩᠬᠠᠳᠤᠭᠠᠷ ᠣᠳᠠᠭᠠᠨ ᠤ ᠡᠷᠳᠡᠮ ᠰᠢᠡᠵᠢᠯᠡᠭᠡᠨ ᠤ ᠶᠠᠷᠢᠯᠴᠠᠬᠤ ᠬᠤᠷᠠᠯ ᠳᠤ ᠰᠤᠯᠠ ᠣᠷᠤᠯᠴᠠᠵᠤ ᠪᠠᠢ᠌ᠭᠰᠠᠨ ᠵᠠᠩᠭ᠋ᠠᠷᠴᠢ ᠨᠢᠮ᠎ᠠ ᠶᠢ ᠵᠠᠮᠴᠠ ᠰᠤᠷᠪᠣᠯᠵᠢᠯᠠᠵᠤ 《ᠬᠤᠩᠭ᠋ᠤᠷ ᠤᠨ ᠭᠡᠷ ᠠᠪᠣᠯᠠᠭ᠎ᠠ ᠶᠢᠨ ᠪᠦᠯᠦᠭ᠌》᠊ᠢ ᠺᠠᠰᠸᠲ᠋ ᠶᠢᠨ ᠰᠢᠩᠭᠡᠭᠡᠯᠳᠡ ᠭᠢᠵᠠᠢ᠃ 1999 ᠣᠨ ᠤ 9 ᠰᠠᠷ᠎ᠠ ᠶᠢᠨ 3 ᠊ᠤ ᠡᠳᠦᠷ ᠤᠨ ᠦᠳᠡ ᠳᠤ᠂ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠳ᠋·ᠳᠠᠶᠠ ᠳ᠋ᠤᠺᠲ᠋ᠤᠷ ᠡᡁᠸᠵᠢᠩ ᠰᠢᠶᠠᠨ ᠤ ᠬᠠᠷ᠎ᠠ ᠮᠤᠳᠤᠨ ᠰᠤᠮᠤᠨ ᠤ ᠵᠥᠭᠡᠯᠡᠨ ᠳᠦᠷᠭᠡᠨ ᠳᠤᠰᠬᠤᠨ ᠳᠤ᠂ ᠵᠠᠩᠭ᠋ᠠᠷᠴᠢ ᠨᠢᠮ᠎ᠠ ᠶᠢᠨ ᠭᠡᠷ ᠲᠤ ᠢᠷᠠᠵᠤ᠂ ᠳᠤᠰᠬᠠᠢ᠌ᠯᠠᠨ ᠰᠤᠷᠪᠣᠯᠵᠢᠯᠠᠵᠤ᠂ ᠵᠠᠩᠭ᠋ᠠᠷ ᠤᠨ ᠳᠤᠬᠠᠢ ᠳᠠᠭᠤ ᠰᠢᠩᠭᠡᠭᠡᠯᠳᠡ ᠭᠢᠭ᠍ᠰᠡᠨ ᠤ ᠬᠠᠮᠳᠤ 《ᠵᠠᠩᠭ᠋ᠠᠷ》᠊ᠤᠨ ᠳᠤᠬᠠᠢ ᠶᠠᠷᠢᠯᠴᠠᠭ᠎ᠠ ᠭᠢᠵᠤ ᠳᠡᠮᠳᠡᠭᠯᠡᠪᠡ᠃ 2000 ᠣᠨ ᠳᠤ ᠲᠦᠪ ᠳᠸᠯᠸᠢᠰ ᠬᠤᠷᠢᠶ᠎ᠠ ᠶᠢᠨ ᠰᠤᠷᠪᠣᠯᠵᠢᠯᠠᠭᠴᠢ ᠢᠷᠠᠵᠤ ᠰᠤᠷᠪᠣᠯᠵᠢᠯᠠᠵᠠᠢ᠃ 2003 ᠣᠨ ᠤ 7 ᠰᠠᠷ᠎ᠠ ᠶᠢᠨ 10 ᠊ᠤ ᠡᠳᠦᠷ ᠦᠪᠣᠷ ᠮᠤᠩᠭ᠋ᠤᠯ ᠤᠨ ᠳᠸᠯᠸᠢᠰ ᠬᠤᠷᠢᠶ᠎ᠠ ᠶᠢᠨ ᠴᠢᠯᠠᠭᠤᠨ ᠡᠴᠡ ᠪᠠᠶᠠᠠᠪᠣᠯᠠᠭ ᠷᠠᠶᠤᠨ ᠳᠡᠭᠡᠷ᠎ᠡ ᠵᠠᠩᠭ᠋ᠠᠷ ᠪᠣᠯᠤᠨ ᠢᠷᠦᠭᠡᠯ ᠢ ᠭᠡᠯᠡᠭᠦᠯᠵᠤ᠂ ᠪᠠᠰᠠ 《ᠵᠠᠩᠭ᠋ᠠᠷ》᠊ᠤᠨ ᠳᠤᠬᠠᠢ ᠶᠠᠷᠢᠯᠴᠠᠭ᠎ᠠ ᠭᠢᠵᠠᠢ᠃ 2003 ᠣᠨ ᠤ 11 ᠰᠠᠷ᠎ᠠ ᠳᠤ ᠥᠪᠠᠷᠳᠡᠭᠡᠨ ᠵᠠᠰᠠᠬᠤ ᠣᠷᠤᠨ ᠤ ᠰᠤᠶᠤᠯ ᠤᠨ ᠳᠤᠪᠴᠢᠶ᠎ᠠ ᠡᠴᠡ ᠸᠠᠩ ᠫᠷᠤᠹᠧᠰᠰᠤᠷ ᠶᠢᠡᠷ ᠠᠬᠠᠯᠠᠭᠤᠯᠤᠭᠰᠠᠨ ᠭᠦᠮᠦᠰ ᠪᠠᠶᠠᠠᠪᠣᠯᠠᠭ ᠤᠨ ᠳᠠᠷᠢᠶᠠᠯᠠᠬᠤ ᠳᠠᠯᠠᠪᠠᠢ ᠳᠤ ᠢᠷᠠᠵᠤ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠤ ᠬᠠᠮᠳᠤ ᠠᠮᠢᠳᠤᠷᠠᠯ ᠤᠨ ᠪᠠᠢ᠌ᠳᠠᠯ ᠢ ᠠᠰᠠᠭᠤᠵᠤ ᠣᠢ᠌ᠯᠭᠠᠭᠰᠠᠨ ᠪᠠᠢ᠌ᠨ᠎ᠠ᠃

2᠂ ᠵᠤᠬᠢᠶᠠᠭᠴᠢ ᠶᠢᠨ ᠰᠤᠷᠪᠣᠯᠵᠢᠯᠠᠭᠰᠠᠨ ᠪᠠᠢ᠌ᠳᠠᠯ

ᠪᠢ 2004 ᠣᠨ ᠤ 2 ᠰᠠᠷ᠎ᠠ ᠶᠢᠨ 9 ᠊ᠤ ᠡᠳᠦᠷ ᠤᠨ ᠦᠳᠡ ᠶᠢᠨ ᠡᠮᠦᠨ᠎ᠡ᠂ ᠴᠠᠭ 10᠄ 00 (ᠪᠠᠭᠡᠵᠢᠩ ᠴᠠᠭ) ᠳᠤ ᠬᠠᠷᠠᠮᠤᠳᠤᠨ ᠰᠤᠮᠤᠨ ᠤ ᠵᠥᠭᠡᠯᠡᠨ ᠳᠦᠷᠭᠡᠨ ᠳᠤᠰᠬᠤᠨ ᠳᠤ ᠪᠠᠢ᠌ᠬᠤ ᠨᠢᠮ᠎ᠠ ᠵᠠᠩᠭ᠋ᠠᠷᠴᠢ ᠶᠢᠨ ᠭᠡᠷ ᠲᠤ ᠭᠦᠷᠴᠤ᠂ ᠨᠢᠭᠡᠳᠦᠭᠡᠷ ᠣᠳᠠᠭ᠎ᠠ ᠵᠠᠩᠭ᠋ᠠᠷᠴᠢ ᠨᠢᠮ᠎ᠠ ᠲᠡᠶ ᠵᠠᠩᠭ᠋ᠠᠷ ᠬᠠᠢ᠌ᠯᠠᠬᠤ ᠶᠤᠰᠤ 《ᠵᠠᠩᠭ᠋ᠠᠷ》 ᠭᠡᠯᠡᠭᠦ ᠳᠤ ᠵᠢᠷᠤᠮᠯᠠᠬᠤ ᠴᠡᠭᠡᠷ ᠶᠤᠰᠤ᠂ ᠵᠠᠩᠭ᠋ᠠᠷ ᠰᠤᠷᠬᠤ ᠣᠷ᠎ᠠ ᠮᠡᠷᠭᠡᠵᠢᠯ᠂ ᠨᠠᠷᠠᠳᠠᠢ ᠵᠠᠩᠭ᠋ᠠᠷᠴᠢ ᠨᠡᠷ ᠤᠨ ᠳᠤᠬᠠᠢ ᠰᠠᠳᠤᠪ ᠶᠢᠡᠷ ᠶᠠᠷᠢᠯᠴᠠᠵᠤ ᠳᠡᠮᠳᠡᠭᠯᠡᠨ᠂ ᠵᠠᠩᠭ᠋ᠠᠷᠴᠢ ᠶᠢᠨ 《ᠵᠠᠩᠭ᠋ᠠᠷ》᠊ᠢ ᠦᠪᠡᠷ ᠶᠢᠡᠨ ᠴᠤᠬᠤᠮ ᠶᠠᠭᠤ ᠭᠡᠵᠤ ᠣᠢ᠌ᠯᠭᠠᠵᠤ ᠪᠠᠢ᠌ᠬᠤ ᠶᠢ ᠮᠡᠳᠡᠭᠦ ᠶᠢᠨ ᠲᠦᠯᠦᠭᠡ ᠴᠢᠷᠮᠠᠢ᠌ᠨ ᠵᠠᠩᠭ᠋ᠠᠷᠴᠢ ᠶᠢᠨ ᠳᠤᠰ ᠪᠠᠶ᠎ᠠ ᠶᠢᠨ ᠣᠢ᠌ᠯᠠᠭᠠᠵᠤ ᠪᠠᠢ᠌ᠭ᠎ᠠ ᠰᠠᠨᠠᠭ᠎ᠠ ᠶᠢ ᠳᠠᠷᠠ ᠶᠤᠰᠤᠭᠠᠷ ᠨᠢ ᠭᠦᠢᠴᠡᠳ ᠭᠠᠷᠭᠠᠬᠤ ᠶᠢᠨ ᠲᠦᠯᠦᠭᠡ ᠥᠭᠡ ᠨᠡᠮᠡᠭᠦ ᠪᠣᠶᠤ ᠬᠠᠰᠤᠭᠰᠠᠨ ᠦᠭᠡᠶ ᠪᠠᠷ ᠵᠠᠩᠭ᠋ᠠᠷᠴᠢ ᠶᠢᠨ ᠭᠡᠯᠡᠭ᠍ᠰᠡᠨ ᠢ ᠳᠠᠷᠠ ᠶᠤᠰᠤᠭᠠᠷ ᠳᠡᠮᠳᠡᠭᠯᠡᠭᠦ ᠶᠢᠨ ᠬᠠᠮᠳᠤ᠂ ᠵᠠᠩᠭ᠋ᠠᠷᠴᠢ ᠭᠢᠭᠡᠳ ᠳᠡᠭᠦᠨ ᠤ ᠭᠡᠷ ᠪᠦᠯᠢ ᠶᠢᠨ ᠵᠢᠷᠤᠭ ᠢ ᠰᠡᠭᠦᠳᠡᠷᠯᠡᠵᠤ ᠠᠪᠣᠪᠠ᠃ ᠬᠤᠶᠠᠳᠤᠭᠠᠷ ᠣᠳᠠᠭ᠎ᠠ᠂ 2004 ᠣᠨ ᠤ 2 ᠰᠠᠷ᠎ᠠ ᠶᠢᠨ 13 ᠊ᠤ ᠡᠳᠦᠷ ᠵᠠᠩᠭ᠋ᠠᠷᠴᠢ ᠨᠢᠮ᠎ᠠ ᠶᠢᠨ ᠥᠭᠡᠴᠢᠯᠡᠨ ᠭᠡᠯᠡᠭ᠍ᠰᠡᠨ 《ᠬᠤᠩᠭ᠋ᠤᠷ ᠤᠨ ᠭᠡᠷ ᠠᠪᠣᠯᠠᠭ᠎ᠠ》ᠵᠢᠨ ᠪᠦᠯᠦᠭ᠌ ᠤᠨ ᠺᠠᠸᠰᠲ᠋ ᠤᠨ ᠳᠠᠭᠤ ᠰᠢᠩᠭᠡᠭᠡᠯᠳᠡ ᠭᠢᠵᠤ ᠠᠪᠣᠪᠠ᠃ ᠭᠤᠷᠪᠠᠳᠤᠭᠠᠷ ᠣᠳᠠᠭ᠎ᠠ ᠣᠳᠠᠰᠤ ᠪᠠᠷ ᠵᠠᠩᠭ᠋ᠠᠷᠴᠢ ᠨᠢᠮ᠎ᠠ ᠶᠢᠨ ᠮᠡᠳᠡᠳᠡᠭ᠌ ᠪᠦᠭᠦ 《ᠵᠠᠩᠭ᠋ᠠᠷ》᠊ᠤᠨ ᠪᠦᠯᠦᠭ᠌ ᠤᠨ ᠭᠠᠷᠴᠠᠭ ᠪᠠ ᠰᠤᠷᠪᠣᠯᠵᠢᠯᠠᠭᠰᠠᠨ 《ᠵᠠᠩᠭ᠋ᠠᠷ》᠊ᠤᠨ ᠪᠦᠯᠦᠭ᠌ ᠤᠨ ᠭᠠᠷᠴᠠᠭ ᠢ ᠳᠡᠮᠳᠡᠭᠯᠡᠵᠤ ᠠᠪᠣᠪᠠ᠃ ᠳᠦᠷᠪᠠᠳᠦᠭᠡᠷ ᠣᠳᠠᠭ᠎ᠠ᠂ ᠣᠳᠠᠰᠤ ᠪᠠᠷ ᠵᠠᠩᠭ᠋ᠠᠷᠴᠢ ᠶᠢᠨ ᠭᠡᠷ ᠪᠦᠯᠢ ᠶᠢᠨ ᠳᠤᠬᠠᠢ ᠵᠣᠢ᠌ᠯᠠᠰ ᠪᠠ ᠳᠤᠳᠤᠷᠬᠠᠢ ᠪᠣᠰᠤ ᠵᠣᠢ᠌ᠯ ᠢ ᠰᠤᠷᠪᠣᠯᠵᠢᠯᠠᠨ ᠳᠡᠮᠳᠡᠭᠯᠡᠪᠡ᠃

(ᠬᠤᠶᠠᠷ) ᠵᠠᠩᠭ᠋ᠠᠷᠴᠢ ᠨᠢᠮ᠎ᠠ ᠶᠢᠨ ᠮᠡᠳᠡᠭᠦ 《ᠵᠠᠩᠭ᠋ᠠᠷ》᠊ᠤᠨ ᠪᠦᠭᠦ ᠭᠠᠷᠴᠠᠭ ᠤᠨ ᠪᠦᠯᠦᠭ᠌ ᠤᠳ

1᠂ ᠨᠢᠮ᠎ᠠ ᠶᠢᠨ ᠵᠤᠬᠢᠶᠠᠭᠴᠢ ᠳᠤ ᠭᠡᠯᠡᠵᠤ ᠦᠭ‍ᠭᠦᠭ᠍ᠰᠡᠨ ᠵᠠᠩᠭ᠋ᠠᠷ ᠤᠨ ᠪᠦᠭᠦ ᠪᠦᠯᠦᠭ᠌ ᠤᠳ ᠤᠨ ᠭᠠᠷᠴᠠᠭ

1 《ᠠᠷᠠᠭ ᠮᠠᠠᠵᠢᠨ ᠪᠣᠭᠤᠷᠤᠯ ᠲᠡᠶ ᠠᠶᠤᠬᠤ ᠳᠤᠭᠰᠢᠨ ᠮᠡᠡᠭᠯᠡᠢ ᠬᠠᠭᠠᠨ ᠢ ᠨᠤᠮ ᠳᠠᠭᠠᠨ ᠣᠷᠤᠭᠤᠯᠤᠭᠰᠠᠨ ᠪᠦᠯᠦᠭ᠌》

2 《ᠲ᠋ᠤᠭᠰᠢᠨ ᠰᠢᠷ᠎ᠠ ᠴᠢᠩᠭᠢᠰ ᠲᠡᠶ ᠪᠣᠯᠢᠩᠭ᠋ᠠᠷ ᠤᠨ ᠭᠦᠪᠠᠭᠦᠨ ᠳᠤᠭᠰᠢᠨ ᠬᠠᠷ᠎ᠠ ᠰᠠᠨᠠᠯ ᠲ᠋ᠠᠢ ᠪᠠᠢ᠌ᠷᠢ ᠪᠠᠷᠢᠯᠳᠤᠭᠰᠠᠨ ᠪᠦᠯᠦᠭ᠌》

3 《ᠣᠷᠴᠢᠯᠠᠩ ᠤᠨ ᠰᠠᠢ᠌ᠬᠠᠨ ᠮᠢᠩᠶᠠᠨ ᠤ ᠪᠦᠯᠦᠭ᠌》

4 《ᠴᠥᠩᠴᠢᠯᠴᠡᠭ᠍ᠰᠡᠨ ᠪᠠᠶ᠎ᠠ ᠲᠡᠶ ᠴᠤ᠋·ᠽᠠᠠᠳᠠᠨ᠊ᠠ᠋ᠯᠠᠭ ᠲᠡᠶ ᠭᠡᠯᠡᠮᠦᠷᠴᠢ ᠭᠡ ᠵᠠᠭᠠᠯ ᠢ ᠣᠷᠤᠭᠤᠯᠤᠭᠰᠠᠨ ᠪᠦᠯᠦᠭ᠌》

5 《ᠭᠦᠡᠳᠤ ᠭᠠᠷ ᠲᠡᠶ ᠰᠠᠪᠠᠷ ᠤᠨ ᠪᠦᠯᠦᠭ᠌》

6 《ᠬᠤᠩᠭ᠋ᠤᠷ ᠤᠨ ᠭᠡᠷ ᠠᠪᠣᠯᠠᠭ᠎ᠠ ᠶᠢᠨ ᠪᠦᠯᠦᠭ᠌》

7 《ᠵᠠᠩᠭ᠋ᠠᠷ ᠤᠨ ᠣᠤᠠᠬᠤᠨ ᠪᠠᠭᠠᠳᠤᠷ ᠊᠊᠊᠊᠊᠊᠊᠊᠊᠊᠊᠊᠊᠊᠊ ᠪᠠᠳᠠᠭᠠᠨ᠎ᠠ ᠪᠠᠭᠠᠳᠤᠷ ᠮᠠᠩᠭ᠋ᠤᠰ ᠤᠨ ᠣᠷᠤᠨ ᠤ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠪᠦᠯᠦᠭ᠌》

2᠂ ᠵᠠᠩᠭ᠋ᠠᠷᠴᠢ ᠨᠢᠮ᠎ᠠ ᠶᠢᠨ ᠮᠡᠳᠡᠭᠦ ᠵᠠᠩᠭ᠋ᠠᠷ ᠳᠤᠳᠤᠷ᠎ᠠ ᠡᠴᠡ ᠢᠯᠠ ᠨᠡᠢ᠌ᠳᠡᠯᠡᠭ᠍ᠰᠡᠨ ᠪᠦᠯᠦᠭ᠌

《ᠵᠠᠩᠭ᠋ᠠᠷ ᠤᠨ ᠣᠤᠠᠬᠤᠨ ᠪᠠᠭᠠᠳᠤᠷ ᠊᠊᠊᠊᠊᠊᠊᠊᠊᠊᠊᠊᠊᠊᠊᠊᠊ ᠪᠠᠳᠠᠭᠠᠨ᠎ᠠ ᠪᠠᠭᠠᠳᠤᠷ ᠮᠠᠩᠭ᠋ᠤᠰ ᠤᠨ ᠣᠷᠤᠨ ᠤ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠪᠦᠯᠦᠭ᠌》᠂ 《ᠵᠠᠩᠭ᠋ᠠᠷ ᠤᠨ ᠡᠭᠡ ᠮᠠᠲ᠋ᠸᠷᠢᠶᠠᠯ 2᠂ 6》 (ᠲ᠋ᠤᠳᠤ)᠂ ᠳᠠᠯᠠᠨ ᠪᠦᠯᠦᠭ᠍ᠳᠤ ᠵᠠᠩᠭ᠋ᠠᠷ ᠤᠨ 2-ᠳᠤᠭᠠᠷ ᠳᠡᠭᠡᠷ᠎ᠡ ᠨᠡᠢ᠌ᠳᠡᠯᠡᠭ᠍ᠳᠡᠪᠡ᠃ (ᠲ᠋ᠤᠳᠤ᠂ ᠬᠤᠳᠤᠮ)

3᠂ ᠰᠤᠷᠪᠣᠯᠵᠢᠯᠠᠭᠳᠠᠭᠰᠠᠨ ᠪᠦᠯᠦᠭ᠌ ᠤᠨ ᠭᠠᠷᠴᠠᠭ

1 《ᠬᠤᠩᠭ᠋ᠤᠷ ᠤᠨ ᠭᠡᠷ ᠠᠪᠣᠯᠠᠭ᠎ᠠ ᠶᠢᠨ ᠪᠦᠯᠦᠭ᠌》 (ᠵᠠᠮᠴᠠ᠂ ᠳ᠋ᠤᠷᠪᠠ᠂ ᠪᠠᠭᠠᠳᠤᠷ)

2 《ᠵᠠᠩᠭ᠋ᠠᠷ ᠤᠨ ᠣᠤᠠᠬᠤᠨ ᠪᠠᠭᠠᠳᠤᠷ ᠊᠊᠊᠊᠊᠊᠊᠊᠊᠊᠊᠊᠊᠊᠊᠊᠊ ᠪᠠᠳᠠᠭᠠᠨ᠎ᠠ ᠪᠠᠭᠠᠳᠤᠷ ᠮᠠᠩᠭ᠋ᠤᠰ ᠤᠨ ᠣᠷᠤᠨ ᠤ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠪᠦᠯᠦᠭ᠌》 (ᠳᠠ᠊·ᠳᠠᠶᠠ)

3 《ᠣᠷᠴᠢᠯᠠᠩ ᠤᠨ ᠰᠠᠢ᠌ᠬᠠᠨ ᠮᠢᠩᠶᠠᠨ ᠤ ᠪᠦᠯᠦᠭ᠌》

4 《ᠲ᠋ᠤᠭᠰᠢᠨ ᠬᠠᠷ᠎ᠠ ᠰᠠᠨᠠᠯ》

5《ᠠᠷᠠᠭ ᠮᠠᠠᠵᠢᠨ ᠪᠣᠭᠤᠷᠤᠯ ᠲᠡᠶ ᠠᠶᠤᠬᠤ ᠳᠤᠭᠰᠢᠨ ᠮᠡᠡᠭᠯᠡᠢ ᠬᠠᠭᠠᠨ ᠢ ᠨᠤᠮ ᠳᠠᠭᠠᠨ ᠣᠷᠤᠭᠤᠯᠤᠭᠰᠠᠨ ᠪᠦᠯᠦᠭ᠌》

4᠂ ᠣᠷᠴᠢᠭᠤᠯᠤᠭᠳᠠᠭᠰᠠᠨ ᠪᠦᠯᠦᠭ᠌ ᠤᠨ ᠭᠠᠷᠴᠠᠭ

《江格尔的部将巴特根巴特尔镇压额尔古约本乌兰》 (第三册᠂ 第三十四章)᠃


ᠭᠤᠷᠪᠠ᠂ ᠵᠠᠩᠭ᠋ᠠᠷ ᠰᠤᠷᠳᠠᠭ ᠣᠴᠢᠷ


1᠂ ᠰᠤᠷᠬᠤ ᠣᠴᠢᠷ

ᠡᠷᠳᠡ ᠳᠡᠭᠡᠳᠤ ᠡᠴᠡ ᠠᠪᠣᠭᠠᠤᠨ ᠵᠠᠩᠭ᠋ᠠᠷᠴᠢᠳ 《ᠵᠠᠩᠭ᠋ᠠᠷ》᠊ᠢ ᠰᠤᠷᠴᠤ ᠡᠵᠡᠮᠰᠢᠭᠦ ᠣᠴᠢᠷ ᠰᠢᠯᠳᠠᠭᠠᠨ᠂ ᠵᠤᠷᠢᠯᠭ᠎ᠠ ᠨᠢ ᠪᠦᠷ ᠣᠯᠠᠨ ᠶᠠᠩᠵᠤ ᠶᠢᠨ ᠪᠠᠢ᠌ᠳᠠᠭ ᠪᠢᠯᠠ᠃ ᠡᠭᠦᠨ ᠤ ᠳᠤᠬᠠᠢ ᠵᠠᠩᠭ᠋ᠠᠷᠴᠢ ᠨᠢᠮ᠎ᠠ ᠭᠡᠯᠡᠭᠦ ᠳᠡᠭᠡᠨ᠄ 《〈ᠵᠠᠩᠭ᠋ᠠᠷ〉 ᠢ ᠭᠠᠭᠴᠠ ᠰᠤᠷᠬᠤ ᠳᠤᠷ᠎ᠠ ᠪᠠᠬ᠎ᠠ ᠪᠠᠢ᠌ᠭᠠᠤᠨ ᠪᠣᠯᠬᠤ ᠦᠭᠡᠶ᠂ ᠬᠠᠷᠢᠨ ᠬᠠᠮᠤᠭ ᠴᠢᠬᠤᠯᠠ ᠨᠢ ᠭᠡᠯᠡᠨ ᠤ ᠠᠪᠢᠶᠠᠰ ᠪᠠᠢ᠌ᠬᠤ ᠭᠡᠷᠡᠭ᠍ᠳᠡᠢ》 ᠭᠡᠨ᠎ᠡ (2)᠃ 《ᠪᠢ ᠪᠠᠭ᠎ᠠ ᠳᠠᠭᠠᠨ ᠦᠨᠦᠴᠢᠨ ᠥᠰᠦᠭ᠍ᠰᠡᠨ ᠪᠣᠯᠬᠤᠷ᠂ ᠵᠠᠩᠭ᠋ᠠᠷ ᠰᠢᠭ ᠭᠦᠴᠦᠳᠡᠢ ᠪᠣᠯᠬᠤᠯ᠎ᠠ ᠭᠡᠳᠦᠢ ᠰᠠᠢ᠌ᠨ ᠪᠣᠢ ᠭᠡᠵᠤ ᠪᠣᠳᠤᠭᠠᠤᠨ 〈ᠵᠠᠩᠭ᠋ᠠᠷ〉 ᠰᠤᠷᠤᠭᠰᠠᠨ ᠶᠤᠮ》 ᠭᠡᠨ᠎ᠡ (3)᠃ ᠭᠡᠭᠦ ᠮᠠᠳᠤ ᠪᠠᠷ 《ᠵᠠᠩᠭ᠋ᠠᠷ》 ᠪᠣᠶᠤ 《ᠵᠠᠩᠭ᠋ᠠᠷ》᠊ᠤᠨ ᠪᠠᠭᠠᠳᠤᠷᠴᠤᠳ ᠢ ᠰᠢᠳᠤᠨ ᠪᠢᠰᠢᠷᠡᠭᠦ ᠡᠭᠦᠳᠡᠨ ᠡᠴᠡ ᠰᠤᠷᠤᠭᠰᠠᠨ ᠪᠠᠢ᠌ᠨ᠎ᠠ᠃ ᠪᠠᠰᠠ ᠭᠡᠯᠡᠭᠦ ᠳᠡᠭᠡᠨ᠄ 《ᠮᠠᠨ ᠤ ᠠᠪᠠᠭ᠎ᠠ ᠶᠢᠨ ᠭᠡᠯᠡᠭᠦ ᠪᠠᠷ ᠪᠢ ᠠᠷᠠᠢ ᠮᠡᠳᠡᠭᠡ ᠣᠷᠤᠬᠤ ᠡᠴᠡ ᠪᠠᠨ ᠡᠭᠢᠯᠡᠨ ᠦᠯᠢᠭᠡᠷ ᠳᠤᠮᠤᠭ ᠲᠤ ᠶᠡᠭᠡ ᠪᠠᠬ᠎ᠠ ᠲᠡᠶ ᠪᠠᠢ᠌ᠭᠰᠠᠨ ᠭᠡᠨ᠎ᠡ᠃ ᠪᠠᠭ᠎ᠠ ᠳᠠᠭᠠᠨ ᠠᠢ᠌ᠯ ᠰᠠᠭᠠᠬᠠᠯᠳᠠ ᠪᠠᠢ᠌ᠭᠰᠠᠨ ᠬᠠᠪᠯᠠᠢ ᠶᠢᠨ ᠰᠠᠩᠭ᠋ᠠᠵᠢ ᠭᠡᠳᠡᠭ᠌ ᠨᠠᠷᠠᠳᠠᠢ ᠵᠠᠩᠭ᠋ᠠᠷᠴᠢ ᠶᠢᠨ ᠭᠡᠷ ᠲᠤ ᠰᠦᠨᠢ ᠪᠦᠷᠢ 〈ᠵᠠᠩᠭ᠋ᠠᠷ〉 ᠰᠤᠨᠤᠰᠬᠤ ᠪᠠᠷ ᠣᠴᠢᠭᠠᠤᠨ ᠵᠠᠩᠭ᠋ᠠᠷᠴᠢ ᠶᠢᠨ ᠦᠪᠣᠷ ᠳᠡᠭᠡᠷ᠎ᠡ ᠭᠠᠷᠤᠭᠠᠤᠨ ᠣᠠᠳᠠᠴᠢᠬᠠᠳᠠᠭ ᠭᠡᠨ᠎ᠡ᠃ ᠰᠦᠨᠢ ᠳᠤᠮᠳᠠ ᠥᠩᠭᠡᠷᠡᠵᠤ 〈ᠵᠡᠩᠭ᠋ᠡᠷ〉 ᠳᠡᠭᠦᠰᠭᠦ ᠳᠤ ᠠᠪᠠᠭ᠎ᠠ ᠭᠡᠯᠦᠩ ᠮᠢᠨᠢ ᠨᠠᠳᠠ ᠶᠢ ᠳᠡᠪᠡᠷᠢᠭᠡᠳ ᠠᠪᠴᠤ ᠢᠷᠡᠳᠡᠭ᠌ ᠪᠠᠢ᠌ᠭᠰᠠᠨ ᠭᠡᠨ᠎ᠡ᠃ ᠭᠡᠳᠡᠯ᠎ᠡ ᠳᠤᠬᠠᠢ ᠶᠢᠨ ᠦᠶ᠎ᠡ ᠳᠤ ᠳᠡᠩᠳᠡᠭᠦᠤ ᠪᠠᠭ᠎ᠠ ᠪᠣᠯᠬᠤᠷ ᠬᠠᠪᠯᠠᠢ ᠶᠢᠨ ᠰᠠᠩᠭ᠋ᠠᠵᠢ ᠶᠢᠨ 〈ᠵᠠᠩᠭ᠋ᠠᠷ〉 ᠢ ᠰᠤᠷᠴᠤ ᠴᠢᠳᠠᠭᠰᠠᠨ ᠦᠭᠡᠶ ᠶᠤᠮ᠃ ᠬᠠᠷᠢᠨ ᠬᠤᠵᠢᠮ ᠨᠢ 7 ᠎᠎᠎᠎᠎‍᠊᠊᠊᠊᠊᠊᠊᠊ 8 ᠨᠠᠰᠤᠨ ᠳᠠᠭᠠᠨ ᠠᠪᠠᠭ᠎ᠠ ᠳᠦᠮᠦᠭᠦᠤᠨ ᠯᠤᠪᠤᠨ ᠡᠴᠡ ᠪᠠᠨ〈ᠵᠠᠩᠭ᠋ᠠᠷ〉ᠰᠤᠷᠤᠭᠰᠠᠨ ᠪᠢᠯᠠ》 ᠭᠡᠨ᠎ᠡ (4)᠃ ᠡᠮᠦᠨ᠎ᠡ ᠣᠷᠢᠳᠠ ᠵᠠᠩᠭ᠋ᠠᠷᠴᠢ ᠡᠴᠡ 《ᠵᠠᠩᠭ᠋ᠠᠷ》ᠰᠤᠷᠬᠤ ᠳᠤ ᠪᠠᠯᠡᠭ᠌ ᠪᠠᠷᠢᠵᠤ ᠰᠤᠷᠬᠤ ᠵᠠᠩᠰᠢᠯ ᠲᠡᠶ ᠪᠠᠢ᠌ᠵᠠᠢ᠃ ᠡᠭᠦᠨ ᠤ ᠳᠤᠬᠠᠢ ᠨᠢᠮ᠎ᠠ ᠵᠠᠩᠭ᠋ᠠᠷᠴᠢ ᠭᠡᠯᠡᠭᠦ ᠳᠡᠭᠡᠨ᠄ 《〈ᠵᠠᠩᠭ᠋ᠠᠷ〉᠊ᠢ ᠴᠡᠭᠡᠵᠢ ᠪᠠᠷ ᠰᠤᠷᠴᠤ ᠪᠠᠢ᠌ᠭᠰᠠᠨ ᠪᠦᠭᠡᠳ ᠡᠷᠭᠡᠪᠰᠢ ᠪᠠᠯᠡᠭ᠌ ᠪᠠᠷᠢᠵᠤ ᠰᠤᠷᠳᠠᠭ᠃ ᠵᠢᠱᠢᠶᠠᠯᠠᠪᠠᠯ᠄ ᠨᠢᠭᠡ ᠮᠤᠷᠢ᠂ ᠨᠢᠭᠡ ᠠᠯᠴᠢᠭᠤᠷ ᠮᠥᠩᠭᠦ ᠪᠠᠨ ᠪᠠᠷᠢᠵᠤ ᠰᠤᠷᠠᠳᠠᠭ ᠪᠠᠢ᠌ᠭᠰᠠᠨ ᠶᠤᠮ》(5)᠃ ᠪᠠᠰᠠ ᠭᠡᠯᠡᠭᠦ ᠳᠡᠭᠡᠨ᠄ 《ᠪᠢ ᠣᠳᠤ ᠪᠠᠰᠠ ᠥᠭᠡᠷ᠎ᠡ ᠭᠦᠮᠤᠨ ᠤ 〈ᠵᠠᠩᠭ᠋ᠠᠷ〉 ᠢ ᠨᠢᠭᠡ ᠯᠠ ᠣᠳᠠᠭ᠎ᠠ ᠰᠤᠨᠤᠰᠪᠠᠯ ᠳᠤᠤᠷ᠎ᠠ ᠨᠢ ᠴᠡᠭᠡᠵᠢᠯᠡᠭᠡᠳ ᠳᠠᠭᠢᠨ ᠡᠷᠭᠢᠭᠦᠯᠦᠭᠡᠳ ᠦᠴᠦᠭᠡᠨ ᠴᠤ ᠠᠯᠳᠠᠯ ᠦᠭᠡᠶ ᠭᠡᠯᠡᠵᠤ ᠴᠢᠳᠠᠨ᠎ᠠ》 ᠭᠡᠨ᠎ᠡ (6)᠃ 《ᠪᠢ 〈ᠵᠠᠩᠭ᠋ᠠᠷ〉 ᠤᠨ ᠳᠠᠯ᠎ᠠ ᠪᠠᠷ ᠳᠠᠷᠢᠭᠢ ᠬᠤᠷᠴᠠ ᠶᠤᠮ᠃ ᠥᠭᠡᠷ᠎ᠡ ᠶᠠᠭᠤᠮᠠᠨ ᠳᠤ ᠪᠣᠯ ᠬᠠᠷᠢᠨ ᠳᠠᠷᠢᠭᠢ ᠳᠤᠯᠤᠭᠠᠢ ᠡᠷᠭᠢᠵᠤ ᠮᠠᠳᠠᠨ᠎ᠠ》 ᠭᠡᠨ᠎ᠡ (7)᠃

2᠂ ᠬᠠᠢ᠌ᠯᠠᠬᠤ ᠣᠴᠢᠷ

ᠡᠷᠳᠡᠨ ᠡᠴᠡ ᠠᠪᠣᠭᠠᠤᠨ ᠵᠠᠩᠭ᠋ᠠᠷᠴᠢ 《ᠵᠠᠩᠭ᠋ᠠᠷ》ᠬᠠᠢ᠌ᠯᠠᠬᠤ ᠳᠤ ᠪᠠᠰᠠ ᠰᠠᠭᠢᠯᠭ᠎ᠠ ᠵᠢᠷᠤᠮ ᠪᠣᠶᠤ ᠬᠠᠢ᠌ᠯᠠᠬᠤ ᠣᠷᠤᠨ ᠭᠠᠵᠠᠷ ᠢ ᠠᠩᠬᠠᠷᠳᠠᠭ ᠪᠠᠢ᠌ᠨ᠎ᠠ᠃ ᠨᠢᠮ᠎ᠠ ᠵᠠᠩᠭ᠋ᠠᠷᠴᠢ ᠶᠢᠨ ᠭᠡᠯᠡᠭᠦ ᠪᠠᠷ 《ᠵᠠᠩᠭ᠋ᠠᠷ》᠊ᠢ ᠬᠤᠷᠢᠮ ᠳᠤ ᠭᠡᠯᠡᠳᠡᠭ᠌ ᠦᠭᠡᠶ᠂ ᠣᠴᠢᠷ ᠨᠢ᠄ 《ᠵᠠᠩᠭ᠋ᠠᠷ》ᠪᠣᠯ ᠱᠠᠰᠢᠨ ᠤ ᠪᠦᠳᠦᠭᠡᠯ ᠳᠤᠯᠠ ᠵᠠᠩᠭ᠋ᠠᠷᠴᠢ ᠶᠢᠨ ᠬᠠᠢ᠌ᠯᠠᠯᠭ᠎ᠠ ᠶᠢᠨ ᠰᠠᠭᠢᠯ ᠠᠯᠳᠠᠷᠠᠬᠤ ᠪᠣᠶᠤ 《ᠵᠠᠩᠭ᠋ᠠᠷ》 ᠪᠣᠵᠠᠷᠳᠠᠬᠤ ᠪᠣᠯᠤᠨ᠎ᠠ᠃ ᠡᠢ᠌ᠮᠤ ᠡᠴᠡ ᠭᠠᠵᠠᠷ ᠪᠣᠯᠭᠠᠨ ᠳᠤ ᠬᠠᠢ᠌ᠯᠠᠳᠠᠭ ᠦᠭᠡᠶ ᠶᠤᠮ》 ᠭᠡᠮᠡᠨ ᠳᠠᠢ᠌ᠯᠪᠣᠷᠢᠯᠠᠵᠤ ᠪᠣᠢ (8)᠃ 《ᠣᠪᠣᠭ᠎ᠠ ᠳᠠᠭᠢᠯᠭ᠎ᠠ ᠳᠤ 〈ᠵᠠᠩᠭ᠋ᠠᠷ〉 ᠬᠠᠢ᠌ᠯᠠᠵᠤ ᠪᠣᠯᠳᠠᠭ ᠦᠭᠡᠶ᠃ ᠣᠴᠢᠷ ᠨᠢ 〈ᠵᠠᠩᠭ᠋ᠠᠷ〉ᠬᠠᠢ᠌ᠯᠠᠬᠤᠯ᠎ᠠ ᠣᠪᠣᠭ᠎ᠠ ᠳᠤ ᠴᠤᠭᠯᠠᠷᠠᠨ ᠢᠷᠡᠭ᠍ᠰᠡᠨ ᠠᠭᠤᠯᠠ ᠣᠰᠤ ᠨᠢ ᠨᠠᠪᠳᠠᠭ ᠰᠢᠪᠳᠠᠭ ᠤᠳ ᠢᠴᠢᠩᠭᠦᠷᠡᠭᠦ ᠪᠣᠶᠤ ᠠᠭᠤᠷᠯᠠᠳᠠᠭ᠃ 〈ᠵᠠᠩᠭ᠋ᠠᠷ〉 ᠤᠨ ᠳᠤᠳᠤᠷ᠎ᠠ ᠳᠡᠳᠡᠭᠡᠷ ᠨᠠᠪᠳᠠᠭ ᠰᠢᠪᠳᠠᠭ ᠤᠳ ᠤᠨ ᠨᠠᠷ᠎ᠠ ᠭᠠᠷᠬᠤ ᠪᠣᠶᠤ ᠴᠢᠨᠠᠭᠰᠢᠳᠠ ᠳᠡᠭᠦᠨ ᠲᠡᠶ ᠬᠤᠯᠪᠣᠭᠠᠳᠠᠢ ᠰᠠᠭᠢᠭᠤᠯᠰᠤᠨ ᠨᠡᠷ ᠢ ᠡᠷᠭᠡᠰᠢᠶᠡᠯ ᠳᠡᠭᠡᠨ ᠣᠷᠤᠭᠤᠯᠬᠤ ᠶᠠᠪᠣᠳᠠᠯ ᠴᠤ ᠭᠠᠷᠴᠤ ᠮᠡᠳᠡᠭᠦ ᠪᠣᠯᠬᠤᠷ ᠣᠪᠣᠭ᠎ᠠ ᠳᠠᠭᠢᠯᠭ᠎ᠠ ᠳᠤ ᠬᠠᠢ᠌ᠯᠠᠳᠠᠭ ᠦᠭᠡᠶ》ᠭᠡᠵᠤ ᠪᠣᠢ (9)᠃ ᠮᠤᠩᠭ᠋ᠤᠯᠭᠦ᠋ᠷᠢᠶ᠎ᠡ ᠰᠢᠶᠠᠨ ᠤ ᠪᠠᠽᠠᠷ ᠪᠠ ᠡᡁᠸᠵᠢᠩ ᠰᠢᠶᠠᠨ ᠤ ᠨᠢᠮ᠎ᠠ ᠵᠡᠷᠭᠡ ᠵᠠᠷᠢᠮ ᠵᠠᠩᠭ᠋ᠠᠷᠴᠢᠳ 《〈ᠵᠠᠩᠭ᠋ᠠᠷ〉 ᠢ ᠡᠳᠦᠷ ᠶᠢᠡᠷ ᠬᠠᠢ᠌ᠯᠠᠬᠤ ᠪᠠ ᠰᠦᠨᠢ ᠪᠠᠷ ᠬᠠᠢ᠌ᠯᠠᠬᠤ ᠨᠢ ᠳᠠᠮᠠᠢ ᠢᠯᠭᠠᠭ᠎ᠠ ᠥᠭᠡᠢ》ᠭᠡᠮᠡᠨ ᠶᠠᠷᠢᠵᠤ ᠪᠣᠢ᠃ ᠨᠥᠭᠦᠭᠡ ᠳᠠᠯ᠎ᠠ ᠪᠠᠷ 《ᠵᠠᠩᠭ᠋ᠠᠷ》᠊ᠢ ᠡᠳᠦᠷ ᠶᠢᠡᠷ ᠬᠠᠢ᠌ᠯᠠᠵᠤ ᠪᠣᠯᠬᠤ ᠦᠭᠡᠶ ᠭᠡᠭᠦ ᠴᠡᠭᠡᠷ ᠬᠤᠷᠢᠭ᠎ᠠ ᠨᠢ ᠵᠠᠷᠢᠮ ᠳᠠᠯ᠎ᠠ ᠪᠠᠷ 《ᠵᠠᠩᠭ᠋ᠠᠷ》ᠬᠠᠢ᠌ᠯᠠᠯᠭ᠎ᠠ ᠶᠢᠨ ᠪᠣᠰᠤᠳ ᠣᠯᠠᠮᠵᠢᠯᠠᠯᠳᠤ ᠵᠠᠩ ᠣᠢ᠌ᠯᠠ ᠲᠡᠶ ᠵᠤᠷᠢᠴᠠᠯᠳᠤᠵᠤ ᠪᠠᠢ᠌ᠬᠤ ᠶᠤᠮ᠃ ᠣᠪᠣᠭ᠎ᠠ ᠳᠠᠭᠢᠯᠭ᠎ᠠ ᠶᠢᠨ ᠵᠠᠩ ᠣᠢ᠌ᠯᠠ ᠲᠡᠶ ᠵᠤᠷᠢᠴᠠᠯᠳᠤᠵᠤ ᠪᠠᠢ᠌ᠬᠤ ᠶᠤᠮ᠃ ᠣᠪᠣᠭ᠎ᠠ ᠶᠢᠨ ᠵᠠᠩ ᠣᠢ᠌ᠯᠠ ᠶᠢ ᠶᠠᠷᠤ ᠨᠢ ᠡᠷᠳᠡᠨ ᠡᠴᠡ ᠢᠨᠠᠭᠰᠢ ᠡᠳᠦᠷ ᠶᠢᠡᠷ ᠶᠠᠪᠣᠭᠤᠯᠳᠠᠭ᠃ ᠣᠪᠣᠭ᠎ᠠ ᠳᠠᠭᠢᠯᠭ᠎ᠠ ᠳᠤ 《ᠵᠠᠩᠭ᠋ᠠᠷ》ᠬᠠᠢ᠌ᠯᠠᠵᠤ ᠪᠣᠯᠬᠤ ᠦᠭᠡᠶ ᠭᠡᠮᠡᠭᠦ ᠴᠡᠭᠡᠷ ᠬᠤᠷᠢᠭ᠎ᠠ ᠪᠠᠨ ᠵᠤᠷᠢᠴᠠᠵᠤ ᠪᠠᠢ᠌ᠨ᠎ᠠ (10)᠃ ᠪᠠᠰᠠ ᠳᠠᠭᠢᠭᠠᠤᠨ ᠭᠡᠯᠡᠭᠦ ᠳᠡᠭᠡᠨ᠄ 《〈ᠵᠠᠩᠭ᠋ᠠᠷ〉 ᠢ ᠶᠠᠷᠤ ᠳᠡᠭᠡᠨ ᠠᠰᠬᠠᠨ ᠳᠤ ᠭᠡᠯᠡᠨ᠎ᠡ᠃ ᠡᠳᠦᠷ ᠶᠢᠡᠷ ᠭᠡᠯᠡᠪᠠᠯ ᠮᠠᠭᠤ ᠢᠷᠸ᠎ᠠ ᠲᠡᠶ᠂ ᠵᠢᠯ ᠣᠲ᠋ᠤ ᠪᠣᠯᠤᠨ᠎ᠠ》 ᠭᠡᠵᠤ ᠭᠡᠯᠡᠵᠤ ᠪᠣᠢ (11)᠃ 《ᠵᠠᠩᠭ᠋ᠠᠷ》 ᠬᠠᠢ᠌ᠯᠠᠬᠤ ᠳᠤ ᠳᠤᠳᠠᠭᠤ ᠭᠡᠯᠡᠵᠤ ᠪᠣᠯᠳᠠᠭ ᠦᠭᠡᠶ ᠮᠦᠷᠳᠡᠭᠡᠨ ᠵᠠᠩᠭ᠋ᠠᠷ ᠰᠤᠷᠤᠭᠰᠠᠨ ᠭᠦᠮᠤᠨ ᠪᠣᠯᠭᠠᠨ 《ᠵᠠᠩᠭ᠋ᠠᠷ》ᠬᠠᠢ᠌ᠯᠠᠬᠤ ᠪᠣᠶᠤ ᠭᠡᠯᠡᠳᠡᠭ᠌ ᠶᠤᠰᠤ ᠦᠭᠡᠶ᠃ ᠡᠭᠦᠨ ᠤ ᠳᠤᠬᠠᠢ ᠭᠡᠯᠡᠭᠦ ᠳᠡᠭᠡᠨ᠄ 《〈ᠵᠠᠩᠭ᠋ᠠᠷ〉᠊ᠢ ᠡᠷᠭᠡᠪᠰᠢ ᠭᠦᠢᠴᠡᠳ ᠭᠡᠯᠡᠭᠦ ᠭᠡᠷᠡᠭ᠍ᠳᠡᠢ᠃ ᠭᠡᠷᠪᠡ ᠳᠤᠳᠠᠭᠤ ᠭᠡᠯᠡᠪᠠᠯ ᠨᠠᠰᠤᠨ ᠠᠬᠠᠷ ᠪᠣᠯᠤᠨ᠎ᠠ》 ᠭᠡᠵᠤ ᠳᠠᠢ᠌ᠯᠪᠣᠷᠢᠯᠠᠵᠠᠢ (12)᠃ ᠪᠠᠰᠠ ᠭᠡᠯᠡᠭᠦ ᠳᠡᠭᠡᠨ᠄ 《ᠵᠠᠩᠭ᠋ᠠᠷᠴᠢ ᠬᠠᠢ᠌ᠯᠠᠵᠤ ᠪᠠᠢ᠌ᠭᠰᠠᠨ ᠪᠦᠯᠦᠭ᠌ ᠶᠢᠡᠨ ᠡᠭᠢᠨ ᠡᠴᠡ ᠨᠢ ᠠᠳᠠᠭ ᠭᠦᠷᠳᠡᠯ᠎ᠡ ᠬᠠᠢ᠌ᠯᠠᠬᠤ ᠭᠡᠷᠡᠭ᠍ᠳᠡᠢ᠃ ᠦᠭᠡᠶ ᠪᠣᠯ ᠮᠠᠨᠠᠷᠠᠵᠤ ᠣᠨᠠᠬᠤ ᠠᠶᠤᠯᠳᠠᠢ》 ᠭᠡᠨ᠎ᠡ (13)᠃ 《ᠵᠢᠩᠭᠢᠨᠢ ᠬᠠᠤᠯᠢ ᠳᠡᠭᠡᠷ᠎ᠡ ᠪᠠᠨ ᠵᠡᠮᠳᠡᠭ᠌ ᠭᠦᠮᠤᠨ 〈ᠵᠡᠩᠭ᠋ᠡᠷ〉ᠭᠡᠯᠡᠵᠤ ᠪᠣᠯᠬᠤ ᠦᠭᠡᠶ᠂ ᠠᠳᠠᠭ ᠲᠠᠭᠠᠨ ᠨᠤᠬᠠᠢ ᠳᠤ ᠵᠠᠭᠤᠯᠭᠠᠭᠰᠠᠨ ᠭᠦᠮᠤᠨ ᠡᠴᠡ ᠭᠡᠯᠡᠵᠤ ᠪᠣᠯᠬᠤ ᠦᠭᠡᠶ᠂ ᠶᠠᠷᠤ ᠨᠢ ᠪᠠᠶ᠎ᠠ ᠴᠤᠭᠴᠠ ᠳᠠᠭᠠᠨ ᠡᠷᠡᠮᠳᠡᠭ᠌ ᠲᠡᠶ ᠭᠦᠮᠤᠨ ᠪᠦᠭᠦᠨ ᠭᠡᠯᠡᠵᠤ ᠪᠣᠯᠬᠤ ᠦᠭᠡᠶ᠃ ᠭᠠᠭᠴᠠ ᠴᠤᠭᠴᠠ ᠳᠠᠭᠠᠨ ᠡᠷᠡᠮᠳᠡᠭ᠌ ᠦᠭᠡᠶ ᠭᠦᠮᠤᠨ ᠰᠠ‍‌ᠶᠢ ᠭᠡᠯᠡᠭᠦ ᠶᠤᠰᠤᠳᠠᠢ᠃ ᠣᠴᠢᠷ ᠨᠢ 〈ᠵᠡᠩᠭ᠋ᠡᠷ〉ᠭᠡᠳᠡᠭ᠌ ᠪᠣᠯ ᠪᠣᠷᠬᠠᠤᠨ ᠤᠨ ᠬᠤᠭᠤᠷᠤᠠᠳᠤᠭᠢ ᠳᠠᠢ᠌ᠨ ᠤ ᠳᠡᠦᠭᠡ ᠮᠦᠨ᠃ ᠮᠠᠩᠭ᠋ᠤᠰ ᠭᠡᠳᠡᠭ᠌ ᠨᠢ ᠰᠠᠭᠢᠭᠤᠯᠰᠤᠨ ᠴᠣᠢ᠌ᠵᠢᠩ ᠪᠣᠯᠤᠨ᠎ᠠ》 ᠭᠡᠨ᠎ᠡ (14)᠃ 〈ᠵᠠᠩᠭ᠋ᠠᠷ〉 ᠬᠠᠢ᠌ᠯᠠᠬᠤ ᠳᠠᠭᠠᠨ ᠣᠶᠠᠩᠭ᠋ᠠᠯᠠᠨ ᠭᠡᠯᠡᠳᠡᠭ᠌ ᠮᠦᠷᠳᠡᠭᠡᠨ ᠵᠠᠷᠢᠮ ᠦᠶ᠎ᠡ ᠳᠤ ᠭᠦᠭ᠍ᠵᠢᠮ ᠠᠶᠠᠰ ᠳᠠᠭᠠᠷᠠᠭᠤᠯᠵᠤ ᠭᠡᠯᠡᠳᠡᠭ᠌᠃ 〈ᠵᠠᠩᠭ᠋ᠠᠷ〉 ᠭᠡᠯᠡᠭᠦ ᠳᠡᠭᠡᠨ ᠭᠤᠤᠯᠳᠠᠭᠤ ᠥᠭᠡᠴᠢᠯᠡᠨ ᠦᠯᠢᠭᠡᠷᠴᠢᠯᠡᠵᠤ ᠭᠡᠯᠡᠳᠡᠭ᠌》 ᠭᠡᠨ᠎ᠡ (15)᠃

3᠂ ᠰᠤᠨᠤᠰᠬᠤ ᠣᠴᠢᠷ

《ᠵᠠᠩᠭ᠋ᠠᠷ》᠊ᠤᠨ ᠬᠠᠢ᠌ᠯᠠᠭᠤᠯᠤᠯ ᠤᠨ ᠠᠵᠢᠯᠯᠠᠭ᠎ᠠ ᠵᠠᠩᠭ᠋ᠠᠷᠴᠢ ᠪᠣᠯᠤᠨ ᠰᠤᠨᠤᠰᠤᠭᠴᠢ ᠶᠢᠨ ᠬᠠᠮᠳᠤ ᠶᠢᠨ ᠠᠵᠢᠯᠯᠠᠭ᠎ᠠ ᠪᠣᠯᠬᠤ ᠳᠤᠯᠠ ᠰᠤᠨᠤᠰᠤᠭᠴᠢ ᠶᠢᠨ ᠭᠦᠳᠡᠯᠦᠯ ᠪᠠᠢ᠌ᠳᠠᠯ᠂ ᠴᠢᠷᠠᠢ ᠶᠢᠨ ᠢᠯᠠᠷᠠᠯ ᠵᠡᠷᠭᠡ ᠮᠠᠰᠢ ᠣᠯᠠᠨ ᠵᠣᠢ᠌ᠯᠠᠰ ᠲᠡᠶ ᠬᠤᠯᠪᠣᠭᠳᠠᠯ ᠲᠡᠶ ᠪᠠᠢ᠌ᠳᠠᠭ᠃ ᠵᠠᠩᠭ᠋ᠠᠷᠴᠢ ᠨᠢᠮ᠎ᠠ ᠶᠢᠨ ᠭᠡᠯᠡᠭᠦ ᠪᠠᠷ᠄ 《〈ᠵᠠᠩᠭ᠋ᠠᠷ〉ᠭᠡᠯᠡᠭᠦ ᠪᠣᠯᠭᠠᠨ ᠳᠤ ᠶᠡᠷᠦᠩᠭᠡᠢ ᠳᠡᠭᠡᠨ ᠰᠤᠨᠤᠰᠤᠭᠴᠢ ᠶᠢᠨ ᠠᠮᠠᠨ ᠡᠴᠡ ᠨᠢ ᠰᠢᠯᠤᠰᠤ ᠭᠤᠭᠤᠵᠢᠬᠤ ᠶᠢ ᠪᠠᠰᠠ ᠮᠡᠳᠡᠭᠦ ᠦᠭᠡᠶ ᠭᠡᠮᠵᠢᠶᠡᠨ ᠳᠤ ᠭᠦᠷᠳᠡᠭ᠌》ᠭᠡᠨ᠎ᠡ (16)᠃ 《ᠵᠠᠩᠭ᠋ᠠᠷ》᠊ᠢ ᠪᠠᠰᠠ ᠵᠠᠷᠢᠮ ᠦᠶ᠎ᠡ ᠳᠤ ᠪᠠᠢ᠌ᠭᠠᠯᠢ ᠶᠢᠨ ᠥᠵᠡᠭ᠍ᠳᠡᠯ ᠪᠠ ᠮᠠᠯ ᠠᠭᠤᠷᠠᠰᠤᠨ ᠳᠤ ᠵᠤᠷᠢᠭᠤᠯᠵᠤ ᠭᠡᠯᠡᠳᠡᠭ᠌ ᠥᠵᠡᠭ᠍ᠳᠡᠯ ᠴᠤ ᠪᠣᠢ᠃ ᠡᠭᠦᠨ ᠤ ᠳᠤᠬᠠᠢ ᠨᠢᠮ᠎ᠠ ᠵᠠᠩᠭ᠋ᠠᠷᠴᠢ ᠭᠡᠯᠡᠭ᠍ᠰᠡᠨ ᠨᠢ᠄ 《ᠪᠣᠷᠤᠭᠠᠨ (ᠰᠢᠠᠵᠢᠶᠠᠩ ᠤᠢ᠌ᠷᠠᠤᠨ ᠤᠨ ᠬᠤᠪᠣᠭᠰᠠᠢ᠌ᠷᠢ ᠪᠠᠶᠠᠠᠭᠤᠤᠯ ᠵᠡᠷᠭᠡ ᠵᠠᠷᠢᠮ ᠭᠠᠵᠠᠷ ᠣᠷᠤᠨ ᠳᠤ ᠪᠣᠷᠤᠭᠠᠨ ᠭᠡᠳᠡᠭ᠌ ᠨᠢ ᠭᠠᠭᠴᠠ ᠬᠤᠷ᠎ᠠ ᠣᠰᠤ ᠶᠢ ᠵᠢᠭᠠᠵᠤ ᠪᠠᠢ᠌ᠳᠠᠭ ᠪᠣᠰᠤ᠂ ᠬᠠᠷᠢᠨ ᠰᠠᠯᠭᠢ᠂ ᠬᠤᠷ᠎ᠠ᠂ ᠴᠠᠰᠤ ᠵᠡᠷᠭᠡ ᠳᠡᠭ᠍ᠷᠢ ᠶᠢᠨ ᠭᠠᠢ ᠭᠠᠮᠰᠢᠭ ᠤᠨ ᠶᠡᠷᠦᠩᠭᠡᠢ ᠨᠠᠷᠠᠢ᠌ᠳᠤᠯ ᠶᠢᠡᠷ ᠭᠡᠷᠡᠭᠯᠡᠭ᠍ᠳᠡᠵᠤ ᠪᠠᠢ᠌ᠳᠠᠭ) ᠶᠡᠭᠡᠳᠦᠭᠡᠳ ᠵᠤᠭᠰᠤᠬᠤ ᠦᠭᠡᠶ ᠦᠶ᠎ᠡ ᠳᠤ 〈ᠵᠠᠩᠭ᠋ᠠᠷ〉ᠰᠤᠨᠤᠰᠪᠠᠯ ᠪᠣᠷᠤᠭᠠᠨ ᠵᠤᠭᠰᠤᠨ᠎ᠠ ᠭᠡᠳᠡᠭ᠌》 ᠭᠡᠨ᠎ᠡ (17)᠃ ᠪᠠᠰᠠ ᠭᠡᠯᠡᠭᠦ ᠳᠡᠭᠡᠨ᠄ 《ᠮᠠᠨ ᠤ ᠨᠤᠳᠤᠭ ᠤᠨ ᠨᠠᠰᠤᠳᠠᠢ᠌ᠴᠤᠳ ᠮᠠᠯ ᠬᠠᠷ ᠲᠤ ᠡᠪᠡᠳᠴᠢᠨ ᠳᠠᠬᠤᠯ ᠢᠷᠡᠭᠦ ᠪᠣᠶᠤ ᠥᠭᠦᠯ ᠳᠤ ᠳᠠᠭᠠᠷᠢᠭᠳᠠᠬᠤ ᠦᠶ᠎ᠡ ᠳᠤ ᠵᠠᠩᠭ᠋ᠠᠷᠴᠢ ᠶᠢ ᠵᠠᠯᠠᠵᠤ 〈ᠵᠠᠩᠭ᠋ᠠᠷ〉᠊ᠢ ᠰᠤᠨᠤᠰᠬᠠᠪᠠᠯ ᠮᠠᠯ ᠬᠠᠷ ᠤᠨ ᠭᠠᠢ ᠪᠠᠷᠴᠢᠳ ᠠᠷᠢᠯᠵᠤ᠂ ᠥᠭᠦᠯ ᠦᠷᠡᠭ᠍ᠳᠡᠯ ᠵᠤᠭᠰᠤᠬᠤ ᠪᠣᠯᠤᠨ᠎ᠠ ᠭᠡᠳᠡᠭ᠌》 ᠭᠡᠨ᠎ᠡ (18)᠃ 《ᠵᠠᠩᠭ᠋ᠠᠷ》 ᠰᠤᠨᠤᠰᠬᠤ ᠳᠤ ᠪᠠᠰᠠ ᠵᠤᠭᠢᠬᠤ ᠭᠡᠮᠵᠢᠶᠡᠨ ᠤ ᠬᠠᠳᠠᠭᠤ ᠴᠢᠩᠭ᠋᠎ᠠ ᠰᠤᠨᠤᠰᠬᠤ ᠰᠠᠭᠢᠯᠭ᠎ᠠ ᠰᠠᠭᠤᠳᠠᠯ ᠤᠨ ᠰᠠᠭᠢᠯᠭ᠎ᠠ ᠭᠡᠵᠤ ᠪᠠᠢ᠌ᠳᠠᠭ ᠪᠠᠢ᠌ᠨ᠎ᠠ᠃ ᠵᠠᠩᠭ᠋ᠠᠷᠴᠢ ᠨᠢᠮ᠎ᠠ ᠭᠡᠯᠡᠭᠦ ᠳᠡᠭᠡᠨ᠄ 《ᠡᠷᠦᠭᠡ ᠡᠭᠦᠳᠡ ᠪᠠᠨ ᠪᠦᠳᠦᠭᠡᠵᠤ᠂ ᠰᠠᠩ ᠭᠦᠵᠢ ᠳᠠᠯᠪᠢᠴᠢᠬᠠᠭᠠᠤᠨ ᠬᠠᠢ᠌ᠯᠠᠭᠤᠯᠳᠠᠭ᠃ 《ᠵᠠᠩᠭ᠋ᠠᠷ》ᠰᠤᠨᠤᠰᠴᠤ ᠪᠠᠢ᠌ᠬᠤ ᠳᠤ ᠡᠭᠦᠳᠡ ᠪᠠᠷ ᠣᠷᠤᠵᠤ ᠭᠠᠷᠴᠤ ᠪᠣᠯᠬᠤ ᠦᠭᠡᠶ᠂ ᠨᠠᠩ ᠢᠯᠠᠩᠭ᠋ᠤᠶ᠎ᠠ ᠭᠡᠷ ᠳᠤᠳᠤᠷ᠎ᠠ ᠡᠴᠡ ᠭᠠᠳᠠᠭᠰᠢ ᠪᠠᠨ ᠭᠠᠷᠴᠤ ᠪᠣᠯᠬᠤ ᠦᠭᠡᠶ》ᠭᠡᠨ᠎ᠡ (20)᠃ 《ᠶᠠᠷᠤ ᠨᠢ 〈ᠵᠠᠩᠭ᠋ᠠᠷ〉ᠰᠤᠨᠤᠰᠴᠤ ᠪᠠᠢ᠌ᠭᠰᠠᠨ ᠳᠤᠮᠤ ᠭᠦᠮᠦᠰ ᠢ ᠣᠠᠳᠠᠭᠤᠯᠳᠠᠭ ᠶᠤᠰᠤ ᠥᠭᠡᠢ》ᠭᠡᠨ᠎ᠡ (21)᠃ ᠡᠢ᠌ᠮᠦᠷᠭᠦ ᠳᠤᠮᠤ ᠭᠦᠮᠦᠰ ᠢ ᠣᠠᠳᠠᠭᠤᠯᠳᠠᠭ ᠦᠭᠡᠶ ᠪᠠᠷ ᠪᠠᠷᠠᠬᠤ ᠦᠭᠡᠶ ᠬᠡᠦᠬᠡᠳ ᠤᠨ ᠣᠠᠳᠠᠬᠤ ᠶᠢ ᠴᠤ ᠭᠢᠴᠢᠶᠡᠳᠡᠭ ᠪᠠᠢ᠌ᠵᠠᠢ᠃ ᠡᠨᠡ ᠨᠢ ᠵᠠᠩᠭ᠋ᠠᠷᠴᠢ ᠶᠢᠨ ᠦᠪᠡᠷ ᠤᠨ ᠭᠡᠯᠡᠭ᠍ᠰᠡᠨ 〈ᠵᠠᠩᠭ᠋ᠠᠷ〉ᠰᠠᠢ᠌ᠨ ᠦᠭᠡᠶ ᠪᠣᠶᠤ ᠪᠣᠰᠤᠳ ᠤᠨ ᠠᠩᠬᠠᠷᠤᠯ ᠢ ᠳᠠᠳᠠᠵᠤ ᠴᠢᠳᠠᠭᠰᠠᠨ ᠦᠭᠡᠶ ᠡᠰᠡᠭᠦᠯ᠎ᠡ ᠭᠦᠡᠳᠦᠳᠭᠡᠭᠦ ᠦᠭᠡᠶ ᠪᠠᠢ᠌ᠭ᠎ᠠ ᠡᠴᠡ ᠠᠶᠤᠭᠰᠠᠨ ᠪᠣᠯᠬᠤ ᠮᠠᠭᠠᠤᠨ᠃ ᠳᠠᠷᠠ ᠪᠠᠰᠠ ᠭᠡᠯᠡᠭᠦ ᠳᠡᠭᠡᠨ᠄ 《ᠵᠠᠩᠭ᠋ᠠᠷ》᠊ᠤᠨ ᠳᠤᠬᠠᠢ ᠳᠤᠮᠤᠭ ᠲᠤ ᠨᠢᠭᠡᠨ ᠰᠤᠨᠤᠰᠤᠭᠴᠢ 《ᠵᠠᠩᠭ᠋ᠠᠷ》 ᠰᠤᠨᠤᠰᠴᠤ ᠪᠠᠢ᠌ᠭᠠᠤᠨ ᠢᠨᠢᠶᠡᠭᠡᠳ 《ᠵᠠᠩᠭ᠋ᠠᠷ》ᠬᠠᠢ᠌ᠯᠠᠯᠭ᠎ᠠ ᠶᠢ ᠳᠠᠰᠤᠯᠠᠭᠰᠠᠨ ᠳᠤ ᠳᠡᠭᠡᠳᠤ ᠳᠡᠭ᠍ᠷᠢ ᠡᠴᠡ ᠳᠡᠭᠦᠨ ᠢ ᠰᠢ᠌ᠳᠭᠡᠵᠤ᠂ ᠣᠨᠤᠭᠰᠠᠨ ᠮᠤᠷᠢ ᠶᠢ ᠨᠢ ᠴᠢᠨ᠋ᠸ᠎ᠠ ᠳᠤ ᠢᠳᠡᠭᠦᠯᠦᠭ᠍ᠰᠡᠨ ᠭᠡᠨ᠎ᠡ (22)᠃ 《ᠵᠠᠩᠭ᠋ᠠᠷ》ᠰᠤᠨᠤᠰᠬᠤ ᠳᠤ ᠪᠠᠰᠠ ᠰᠤᠨᠤᠰᠤᠭᠴᠢ ᠶᠢᠨ ᠵᠤᠭᠢᠬᠤ ᠭᠡᠮᠵᠢᠶᠡᠨ ᠤ ᠰᠠᠭᠢᠯᠭ᠎ᠠ ᠪᠠᠢ᠌ᠳᠠᠭ ᠨᠢ ᠶᠠᠷᠢᠶᠠᠨ ᠦᠭᠡᠶ ᠪᠢᠯᠠ᠃ ᠡᠭᠦᠨ ᠤ ᠳᠤᠬᠠᠢ ᠭᠡᠯᠡᠭᠦ ᠳᠡᠭᠡᠨ᠄ 《〈ᠵᠠᠩᠭ᠋ᠠᠷ〉᠊ᠢ ᠰᠠᠷ᠎ᠠ ᠶᠢᠨ ᠊ᠭ᠍‍ᠬᠢᠷ ᠢᠷᠡᠭ᠍ᠰᠡᠨ ᠡᠮᠡᠭ᠍ᠳᠡᠢ᠌ᠴᠦᠳ ᠰᠤᠨᠤᠰᠴᠤ ᠪᠣᠯᠬᠤ ᠦᠭᠡᠶ᠃ ᠭᠡᠷᠪᠡ ᠴᠡᠭᠡᠷ ᠬᠤᠷᠢᠭ᠎ᠠ ᠶᠢ ᠵᠦᠷᠢᠴᠡᠭᠡᠳ ᠰᠤᠨᠤᠰᠬᠤ ᠳᠤ ᠭᠦᠷᠪᠠᠯ ᠰᠠᠷ᠎ᠠ ᠶᠢᠨ ᠊ᠭ᠍‍ᠬᠢᠷ ᠨᠢ ᠶᠡᠭᠡᠰᠭᠦ ᠪᠣᠶᠤ ᠵᠤᠭᠰᠤᠬᠤ ᠦᠭᠡᠶ ᠪᠣᠯᠤᠨ᠎ᠠ ᠭᠡᠵᠤ ᠮᠢᠨᠤ ᠪᠠᠭ᠎ᠠ ᠳᠤ ᠮᠠᠨ ᠤ ᠨᠤᠳᠤᠭ ᠤᠨ ᠨᠠᠰᠤᠳᠠᠢ᠌ᠴᠤᠳ ᠭᠡᠯᠡᠳᠡᠭ᠌ ᠪᠢᠯᠠ》 ᠭᠡᠨ᠎ᠡ (23)᠃ ᠡᠨᠡ ᠨᠢ 《ᠵᠠᠩᠭ᠋ᠠᠷ》ᠪᠣᠵᠠᠷᠳᠠᠬᠤ ᠭᠡᠰᠡᠨ ᠣᠬᠠᠮᠰᠠᠷ ᠡᠴᠡ ᠪᠣᠯᠤᠭᠰᠠᠨ ᠪᠠᠢ᠌ᠬᠤ ᠡ᠃ ᠡᠨᠡ ᠨᠢ ᠪᠣᠷᠬᠠᠨ ᠱᠠᠰᠢᠨ ᠤ ᠠᠷᠢᠭᠤᠨ ᠴᠠᠪᠠᠷ ᠰᠠᠭᠢᠯ ᠰᠠᠠᠸᠠᠷ ᠲᠡᠶ ᠬᠤᠯᠪᠣᠭ᠎ᠠ ᠪᠠᠢ᠌ᠭ᠎ᠠ ᠨᠢ ᠢᠯᠡᠭᠡᠨ ᠪᠠᠢ᠌ᠨ᠎ᠠ᠃


ᠳᠦᠷᠪᠠ᠂ ᠵᠠᠩᠭ᠋ᠠᠷᠴᠢ ᠨᠢᠮ᠎ᠠ ᠶᠢᠨ ᠭᠡᠯᠡᠭ᠍ᠰᠡᠨ 《ᠵᠠᠩᠭ᠋ᠠᠷ》᠊ᠤᠨ ᠭᠡᠪ ᠨᠠᠮᠪᠠ


ᠵᠠᠩᠭ᠋ᠠᠷᠴᠢᠳ ᠤᠨ 《ᠵᠠᠩᠭ᠋ᠠᠷ》 ᠭᠡᠯᠡᠭᠦ ᠭᠡᠪ ᠨᠠᠮᠪᠠ ᠭᠡᠳᠡᠭ᠌ ᠨᠢ ᠳᠠᠳᠠᠨᠠᠷ ᠤᠨ 《ᠵᠠᠩᠭ᠋ᠠᠷ》 ᠭᠡᠯᠡᠭᠦ ᠣᠷᠠᠯᠢᠭ ᠤᠨ ᠭᠡᠯᠪᠠᠷᠢ ᠪᠠᠢ᠌ᠳᠠᠯ᠂ ᠠᠷᠭ᠎ᠠ ᠮᠡᠷᠭᠡᠵᠢᠯ ᠭᠢᠭᠡᠳ ᠭᠡᠯᠡ ᠭᠡᠯᠡᠯᠭᠡ ᠵᠡᠷᠭᠡ ᠳᠤ ᠢᠯᠡᠷᠡᠳᠡᠭ᠌ ᠣᠠᠴᠠᠯᠢᠭ ᠢ ᠵᠢᠭᠠᠵᠤ ᠪᠠᠢ᠌ᠳᠠᠭ (24)᠃ 《ᠵᠠᠩᠭ᠋ᠠᠷ》᠊ᠢ ᠡᠷᠳᠡᠨ ᠳᠡᠭᠡᠨ ᠨᠢᠭᠡ ᠪᠦᠯᠦᠭ᠌ ᠠᠪᠢᠶᠠᠰ ᠪᠢᠯᠢᠭ᠌ ᠲᠡᠶ᠂ ᠠᠷᠠᠤᠨ ᠤᠨ ᠣᠷᠠᠨ ᠰᠠᠢ᠌ᠬᠠᠠᠴᠢ ᠨᠡᠷ ᠵᠤᠬᠢᠶᠠᠵᠤ᠂ ᠳᠠᠳᠠᠨ ᠤ ᠠᠮᠠ ᠪᠠᠷ ᠣᠯᠠᠮᠵᠢᠯᠠᠵᠤ ᠢᠷᠡᠭ᠍ᠰᠡᠨ ᠪᠣᠯᠬᠤᠷ ᠡᠳᠦᠭᠡ ᠮᠠᠰᠢ ᠣᠯᠠᠨ ᠡᠭᠢ ᠬᠤᠪᠢᠯᠪᠣᠷᠢ ᠪᠠᠢ᠌ᠳᠠᠭ᠃ ᠭᠡᠪᠠᠴᠤ ᠪᠦᠭᠦᠯᠢ ᠴᠤᠭᠴᠠ ᠡᠴᠡ ᠠᠪᠴᠤ ᠦᠵᠡᠪᠠᠯ ᠢᠯᠡᠳᠭᠡᠭᠦ ᠰᠠᠨᠠᠭ᠎ᠠ ᠪᠠ ᠠᠷᠭ᠎ᠠ ᠨᠤᠭᠤᠳ ᠠᠳᠠᠯᠢᠪᠳᠤᠷ ᠪᠠᠢ᠌ᠳᠠᠭ᠃ ᠡᠳᠡᠭᠡᠷ ᠪᠠᠢ᠌ᠳᠠᠯ ᠨᠤᠭᠤᠳ ᠵᠠᠩᠭ᠋ᠠᠷᠴᠢᠳ ᠤᠨ ᠠᠳᠠᠯᠢ ᠪᠣᠰᠤ ᠭᠠᠵᠠᠷ ᠣᠷᠤᠨ᠂ ᠨᠠᠰᠤ ᠵᠢᠯ᠂ ᠵᠠᠩ ᠣᠪᠣᠷ᠂ ᠰᠤᠶᠤᠯ ᠤᠨ ᠭᠢᠷᠢ ᠭᠡᠮᠵᠢᠶ᠎ᠡ᠂ ᠭᠦᠮᠦᠵᠢᠭᠦᠯᠦᠭ᠍ᠰᠡᠨ ᠵᠠᠩᠭ᠋ᠠᠷᠴᠢ ᠪᠠᠭᠰᠢ᠂ ᠵᠠᠩᠭ᠋ᠠᠷᠴᠢ ᠶᠢᠨ ᠳᠤᠰ ᠪᠠᠶ᠎ᠠ ᠶᠢᠨ ᠠᠪᠢᠶᠠᠰ ᠪᠢᠯᠢᠭ᠌ ᠤᠨ ᠠᠳᠠᠯᠢ ᠪᠢᠰᠢ ᠬᠤᠯᠪᠣᠭ᠎ᠠ ᠲᠡᠶ ᠶᠤᠮ (25)᠃

1᠂ ᠠᠭᠤᠯᠭ᠎ᠠ ᠶᠢᠨ ᠳᠠᠯ᠎ᠠ ᠪᠠᠷ ᠨᠠᠩ ᠪᠦᠷᠢᠨ ᠪᠦᠳᠤᠨ ᠳᠠᠷᠠᠭᠠᠴᠢᠯᠠᠭᠰᠠᠨ ᠴᠢᠨᠠᠷ ᠲᠡᠶ᠃ ᠵᠠᠩᠭ᠋ᠠᠷᠴᠢ ᠨᠢᠮ᠎ᠠ ᠶᠢᠨ 《ᠵᠠᠩᠭ᠋ᠠᠷ ᠤᠨ ᠡᠭᠢ ᠮᠠᠲ᠋ᠸᠷᠢᠶᠠᠯ》᠊ᠤᠨ ᠬᠤᠶᠠᠷ᠂ ᠵᠢᠷᠭᠤᠳᠤᠭᠠᠷ ᠳᠠᠪᠳᠠᠷ ᠲᠤ ᠳᠡᠭᠦᠪᠦᠷᠢᠯᠡᠭ᠍ᠳᠡᠨ ᠣᠷᠤᠭᠰᠠᠨ 《ᠵᠠᠩᠭ᠋ᠠᠷ ᠤᠨ ᠣᠤᠠᠬᠤᠨ ᠪᠠᠭᠠᠳᠤᠷ ᠊᠊᠊᠊᠊᠊᠊᠊᠊᠊᠊᠊᠊᠊ ᠪᠠᠳᠠᠭᠠᠨ᠎ᠠ ᠪᠠᠭᠠᠳᠤᠷ ᠳᠡᠭ᠍ᠷᠢ ᠶᠢᠨ ᠭᠦᠪᠠᠭᠦᠨ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠪᠦᠯᠦᠭ᠌》 ᠲᠤ ᠵᠠᠩᠭ᠋ᠠᠷ ᠤᠨ ᠠᠷᠤ ᠪᠣᠮᠪᠠ ᠶᠢᠨ ᠣᠷᠤᠨ ᠪᠣᠯᠤᠨ ᠠᠯᠪᠠᠳᠤ ᠨᠤᠳᠤᠭ ᠡᠴᠡ ᠨᠢ ᠠᠪᠣᠭᠠᠤᠨ ᠠᠯᠳᠠᠷ ᠵᠠᠩᠭ᠋ᠠᠷ ᠤᠨ ᠪᠠᠶ᠎ᠠ᠂ ᠠᠪᠠᠢ ᠭᠡᠷᠡᠯ ᠬᠠᠳᠤᠨ ᠭᠢᠭᠡᠳ ᠳᠤᠬᠤᠭᠰᠠᠨ ᠡᠮᠡᠭᠡᠯ᠂ ᠪᠠᠷᠢᠭᠰᠠᠨ ᠦᠷᠭᠦᠭᠡ᠂ ᠡᠷᠭᠢᠨ ᠪᠠᠭᠠᠳᠤᠷ ᠦᠳ ᠵᠡᠷᠭᠡ ᠶᠢ ᠨᠢ ᠨᠢᠭᠡ ᠨᠢᠭᠡ ᠪᠠᠷ ᠳᠠᠨᠢᠯᠴᠠᠭᠤᠯᠤᠭᠠᠤᠨ ᠮᠠᠭᠳᠠᠨ ᠳᠠᠭᠤᠯᠠᠭᠰᠠᠨ ᠶᠢᠡᠷ ᠶᠢᠡᠨ ᠪᠣᠰᠤᠳ ᠵᠠᠩᠭ᠋ᠠᠷ ᠤᠨ 《ᠤᠷᠦᠰᠢᠯ》 ᠭᠡᠰᠡᠭ᠌ ᠲᠡᠶ ᠠᠳᠠᠯᠢ ᠳᠠᠷᠠᠭᠠᠯᠠᠨ ᠳᠤᠳᠤᠷᠬᠠᠢ᠌ᠯᠠᠭᠰᠠᠨ ᠪᠠᠢ᠌ᠨ᠎ᠠ᠃ ᠡᠭᠦᠨ ᠤ ᠰᠠᠭᠤᠷᠢᠨ ᠳᠡᠭᠡᠷ᠎ᠡ ᠵᠠᠩᠭ᠋ᠠᠷ ᠤᠨ ᠪᠠᠶᠠᠷ ᠳ᠋ᠠᠩᠭ᠋ᠠᠷᠠᠢ ᠭᠢᠭᠦ ᠪᠠᠷ ᠴᠤᠯᠮᠤᠨ ᠴᠤᠬᠤᠷ ᠮᠤᠷᠢ ᠲᠡᠶ ᠴᠤᠪᠳᠠᠢ ᠴᠠᠭᠠᠨ ᠢ ᠵᠠᠷᠯᠢᠭᠳᠠᠵᠤ᠂ ᠭᠤᠷᠪᠠᠨ ᠶᠡᠭᠡ ᠨᠤᠳᠤᠭ ᠢ ᠮᠢᠨᠢ /ᠭᠤᠷᠪᠠᠨ ᠬᠤᠨᠤᠭ ᠲᠤ ᠴᠤᠭᠯᠠᠭᠤᠯᠵᠤ ᠢᠷ᠎ᠠ (26) ᠭᠡᠰᠡᠨ ᠡᠴᠡ ᠡᠭᠢᠯᠡᠨ ᠵᠠᠩᠭ᠋ᠠᠷ ᠤᠨ ᠣᠤᠠᠬᠤᠨ ᠪᠠᠭᠠᠳᠤᠷ ᠊᠊᠊᠊᠊᠊᠊᠊᠊᠊᠊᠊᠊᠊᠊᠊ ᠪᠠᠳᠠᠭᠠᠨ᠎ᠠ ᠪᠠᠭᠠᠳᠤᠷ ᠳᠡᠭ᠍ᠷᠢ ᠶᠢᠨ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠭᠦᠷᠳᠡᠯᠡᠭᠢ ᠦᠯᠢᠭᠡᠷ ᠤᠨ ᠣᠢ᠌ᠯᠠ ᠶᠠᠪᠣᠳᠠᠯ ᠢ ᠨᠠᠷᠢᠨ ᠳᠤᠳᠤᠷᠬᠠᠢ ᠳᠤᠭᠠᠴᠢᠭᠰᠠᠨ ᠪᠠᠢ᠌ᠨ᠎ᠠ᠃

ᠲ᠋ᠡᠭᠡᠷ᠎ᠡ ᠳᠤᠷᠠᠳᠤᠭᠰᠠᠨ ᠵᠣᠢ᠌ᠯᠠᠰ ᠡᠴᠡ ᠠᠷᠤ ᠪᠣᠮᠪᠠ ᠶᠢᠨ ᠣᠷᠤᠨ᠂ 《ᠵᠠᠩᠭ᠋ᠠᠷ》᠊ᠤᠨ ᠪᠠᠶ᠎ᠠ᠂ ᠣᠨᠤᠭᠰᠠᠨ ᠮᠤᠷᠢ᠂ ᠠᠪᠠᠢ ᠭᠡᠷᠡᠯ ᠬᠠᠳᠤᠨ᠂ ᠦᠷᠭᠦᠭᠡ᠂ ᠳᠤᠬᠤᠭᠰᠠᠨ ᠡᠮᠡᠭᠡᠯ᠂ ᠡᠷᠭᠢᠨ ᠪᠠᠭᠠᠳᠤᠷ ᠤᠳ ᠨᠢ ᠨᠢᠭᠡ ᠨᠢᠭᠡ ᠪᠠᠷ ᠮᠠᠭᠳᠠᠨ ᠳᠠᠭᠤᠯᠠᠭᠰᠠᠨ ᠪᠦᠭᠦ ᠶᠡᠪᠦᠴᠡ ᠡᠴᠡ ᠥᠵᠡᠭᠦ ᠳᠤ ᠶᠠᠭᠤᠨ ᠤ ᠳᠡᠷᠢᠭᠦᠨ ᠳᠤ ᠣᠩᠰᠢᠭᠰᠠᠨ ᠭᠦᠮᠦᠰ ᠲᠤ ᠠᠭᠤᠯᠭ᠎ᠠ ᠶᠢᠨ ᠳᠠᠯ᠎ᠠ ᠪᠠᠷ ᠪᠦᠷᠢᠨ ᠪᠦᠳᠤᠨ᠂ ᠳᠠᠰ ᠳᠠᠷᠠᠭᠠᠯᠠᠯ ᠤᠨ ᠴᠢᠨᠠᠷ ᠲᠡᠶ᠂ ᠦᠯᠢᠭᠡᠷ ᠤᠨ ᠣᠢ᠌ᠯᠠ ᠶᠠᠪᠣᠳᠠᠯ ᠶᠠᠭ ᠨᠢᠭᠡ ᠯᠠ ᠱᠤᠭᠤᠮ ᠶᠢᠡᠷ ᠭᠦᠭ᠍ᠵᠢᠵᠤ ᠢᠷᠡᠭ᠍ᠰᠡᠨ ᠰᠢᠭ᠌ ᠳᠦᠷᠦᠭ᠍ᠳᠡᠯ ᠥᠭ᠍ᠳᠡᠭ᠌᠃

2᠂ ᠳᠦᠷᠢ ᠳᠦᠷᠰᠤᠯᠠᠯ ᠤᠨ ᠳᠠᠯ᠎ᠠ ᠪᠠᠷ ᠨᠠᠩ ᠨᠠᠷᠢᠯᠢᠭ ᠪᠦᠭᠡᠳ ᠠᠮᠢᠳᠤᠯᠢᠭ ᠪᠣᠯᠵᠠᠢ᠃ ᠬᠠᠮᠤᠭ ᠤᠨ ᠰᠠᠢ᠌ᠨ ᠳᠦᠷᠰᠤᠯᠠᠯ ᠨᠢ ᠭᠦᠮᠦᠰ ᠤᠨ ᠠᠮᠢᠳᠤᠷᠠᠯ ᠳᠤᠮᠳᠠᠭᠢ ᠶᠠᠭ ᠨᠢᠳᠤ ᠪᠠᠷ ᠦᠵᠡᠨ ᠭᠠᠷ ᠶᠢᠡᠷ ᠪᠠᠷᠢᠵᠤ ᠥᠩᠭᠡᠷᠡᠭᠦᠯᠦᠭ᠍ᠰᠡᠨ ᠰᠢᠭ᠌ ᠳᠦᠷᠦᠭ᠍ᠳᠡᠯ ᠥᠭ᠍ᠳᠡᠭ᠌᠃ ᠳᠦᠷᠰᠦᠯᠡᠭᠦ ᠳᠤᠬᠠᠢ ᠮ·ᠭᠤᠷᠺᠢ ᠭᠡᠯᠡᠭᠦ ᠳᠡᠭᠡᠨ᠄ 《ᠵᠤᠭᠢᠶᠠᠯᠴᠢᠳ ᠵᠤᠬᠢᠶᠠᠯ ᠪᠦᠳᠦᠭᠡᠯ ᠶᠢᠡᠨ ᠣᠩᠰᠢᠭᠴᠢᠳ ᠤᠨ ᠨᠢᠳᠤᠨ ᠤ ᠡᠮᠦᠨ᠎ᠡ ᠪᠣᠳᠠ ᠪᠠᠶ᠎ᠠ ᠪᠠᠷ ᠶᠢᠡᠨ ᠢᠯᠠᠷᠠᠨ ᠭᠠᠷᠴᠤ ᠣᠩᠰᠢᠭᠴᠢᠳ ᠢ ᠵᠣᠢ᠌ᠯ ᠵᠣᠢ᠌ᠯ ᠶᠢᠡᠷ ᠬᠤᠯᠪᠣᠵᠤ ᠪᠣᠳᠤᠭᠤᠯᠬᠤ ᠪᠠᠷ ᠪᠠᠷᠠᠬᠤ ᠦᠭᠡᠶ᠂ ᠪᠠᠰᠠ ᠳᠤᠷᠰᠢᠯᠭ᠎ᠠ ᠰᠠᠭᠤᠭᠳᠠᠯ ᠮᠡᠳᠡᠯᠭᠡ ᠶᠢᠨ ᠬᠤᠷᠠᠮᠳᠠᠭᠤᠯᠤᠯ ᠶᠢᠡᠷ ᠶᠢᠡᠨ ᠨᠥᠭᠦᠪᠦᠷᠢᠯᠡᠭᠦ ᠭᠡᠮᠵᠢᠶᠡᠨ ᠳᠤ ᠭᠦᠷᠭᠡᠭᠦ ᠭᠡᠷᠡᠭ᠍ᠳᠡᠢ》 (27) ᠭᠡᠰᠡᠨ ᠪᠠᠢ᠌ᠳᠠᠭ᠃ ᠵᠠᠩᠭ᠋ᠠᠷᠴᠢ ᠨᠢᠮ᠎ᠠ ᠶᠢᠨ 《ᠵᠠᠩᠭ᠋ᠠᠷ》 ᠳᠤᠳᠤᠷᠠᠭᠢ ᠳᠦᠷᠢ ᠪᠦᠳᠦᠭᠡᠯᠭᠡ ᠶᠢ ᠠᠵᠢᠭᠯᠠᠪᠠᠯ ᠳᠡᠳᠡᠭᠡᠷ ᠦᠯᠢᠭᠡᠷ ᠤᠨ ᠣᠢ᠌ᠯᠠ ᠶᠠᠪᠣᠳᠠᠯ ᠤᠨ ᠭᠤᠤᠯ ᠪᠠᠭᠠᠳᠤᠷ ᠤᠳ ᠤᠨ ᠪᠠᠶ᠎ᠠ ᠴᠤᠭᠴᠠ ᠶᠢᠨ ᠳᠦᠷᠰᠤᠯᠠᠯ ᠨᠢ ᠶᠠᠭ ᠪᠣᠳᠠᠳᠠᠢ ᠠᠮᠢᠳᠤᠷᠠᠯ ᠳᠤ ᠬᠠᠶᠠ ᠨᠢᠭᠡ ᠲᠤᠬᠢᠶᠠᠯᠳᠤᠬᠤ ᠪᠠᠶ᠎ᠠ ᠴᠤᠭᠴᠠ ᠨᠢ ᠮᠢᠬ᠎ᠠ ᠮᠠᠷᠢᠶᠠᠯᠠᠭ᠂ ᠭᠦᠳᠡᠷ ᠴᠢᠭᠢᠷᠠᠭ ᠭᠦᠮᠦᠰ ᠤᠨ ᠳᠦᠷᠢ ᠶᠢ ᠪᠦᠳᠦᠭᠡᠵᠤ ᠭᠦᠮᠦᠰ ᠲᠤ ᠮᠠᠰᠢ ᠭᠦᠨ ᠭᠦᠡᠵᠡᠭᠡᠢ ᠭᠤᠸ᠎ᠠ ᠰᠠᠢ᠌ᠬᠠᠨ ᠤ ᠳᠠᠭᠠᠰᠢᠶᠠᠯ ᠢ ᠣᠯᠭᠤᠭᠰᠠᠨ ᠪᠠᠢ᠌ᠨ᠎ᠠ᠃

3᠂ ᠭᠡᠯᠡ ᠭᠡᠯᠡᠯᠭᠡ ᠶᠢᠨ ᠳᠠᠯ᠎ᠠ ᠪᠠᠷ ᠠᠮᠢᠳᠤ ᠳᠦᠷᠰᠦᠯᠢᠭ᠌ ᠬᠤᠷᠴᠠ ᠣᠨᠤᠪᠴᠢᠳᠠᠢ ᠣᠷᠤᠰᠤᠮ᠎ᠠ ᠰᠠᠢ᠌ᠬᠠᠨ ᠪᠣᠯᠵᠠᠢ᠃ ᠵᠤᠬᠢᠶᠠᠯ ᠤᠨ ᠭᠡᠯᠡᠨ ᠤ ᠵᠦᠪ ᠪᠣᠷᠤᠭᠤ ᠰᠠᠢ᠌ᠬᠠᠨ ᠮᠠᠭᠤᠬᠠᠢ ᠨᠢ ᠥᠭᠡ ᠶᠢ ᠭᠢᠷᠢ ᠵᠡᠷᠭᠡ ᠣᠨᠤᠪᠴᠢᠳᠠᠢ ᠭᠡᠷᠡᠭᠯᠡᠭ᠍ᠰᠡᠨ ᠲᠡᠶ ᠨᠢᠭᠳᠠ ᠬᠤᠯᠪᠣᠭ᠎ᠠ ᠲᠡᠶ (28)᠃ ᠵᠢᠱᠢᠶᠠᠯᠠᠪᠠᠯ᠄

《ᠠᠬᠠᠯ ᠰᠠᠬᠠᠯ ᠪᠠᠳᠠᠢ ᠶᠢᠨ ᠭᠡᠯᠡᠭ᠍ᠰᠡᠨ ᠨᠢ᠄

ᠡ᠂ ᠴᠠᠪᠠᠰᠤ

ᠮᠠᠩᠭ᠋ᠤᠰ ᠤᠨ ᠣᠷᠤᠨ ᠳᠤ ᠭᠦᠷᠴᠤ

ᠳ᠋ᠠᠢ ᠳᠠᠷᠤᠳᠠᠭ ᠮᠤᠷᠢᠨ ᠪᠠᠢ᠌ᠳᠤᠭᠠᠢ

ᠠᠢ᠌ᠯ ᠬᠤᠭᠤᠷᠤᠠᠳᠤ ᠣᠨᠤᠭᠠᠤᠨ

ᠠᠷᠢᠭᠢᠳᠤᠳᠠᠭ ᠮᠤᠷᠢᠨ ᠦᠭᠡᠶ ᠪᠣᠯᠵᠠᠢ》(29) ᠡᠴᠡ ᠦᠵᠡᠪᠠᠯ ᠶᠠᠭ ᠠᠷᠠᠤᠨ ᠤᠨ ᠠᠮᠢᠳᠤᠷᠠᠯ ᠤᠨ ᠳᠤᠮᠳᠠᠭᠢ ᠬᠠᠷ᠎ᠠ ᠶᠠᠷᠢᠶᠠᠨ ᠤ ᠥᠭᠡ ᠶᠢ ᠭᠡᠷᠡᠭᠯᠡᠭ᠍ᠰᠡᠨ ᠡᠴᠡ ᠣᠢ᠌ᠯᠠᠭᠠᠮᠵᠢ ᠲᠡᠶ ᠮᠦᠷᠳᠡᠭᠡᠨ ᠳᠦᠷᠰᠦᠯᠢᠭ᠌ ᠪᠣᠯᠤᠭᠰᠠᠨ ᠪᠠᠢ᠌ᠨ᠎ᠠ᠃ ᠭᠡᠷᠪᠡ 《ᠠᠢ᠌ᠯ》 ᠪᠠ 《ᠠᠷᠢᠭᠢᠳᠤᠳᠠᠭ》ᠭᠡᠰᠡᠨ ᠬᠤᠶᠠᠷ ᠥᠭᠡ ᠶᠢ ᠰᠤᠯᠢᠵᠤ ᠭᠡᠷᠡᠭᠯᠡᠭ᠍ᠰᠡᠨ ᠪᠣᠯ ᠣᠢ᠌ᠯᠠᠭᠠᠮᠵᠢ ᠦᠭᠡᠶ ᠮᠦᠷᠳᠡᠭᠡᠨ ᠭᠡᠢ᠌ᠰᠪᠦᠷᠢ ᠪᠣᠯᠵᠤ ᠣᠤᠠᠬ᠎ᠠ ᠣᠨᠤᠪᠴᠢᠳᠠᠢ ᠪᠢᠰᠢ ᠪᠣᠯᠳᠠᠭ ᠪᠢᠯᠠ᠃

ᠣᠠᠴᠠᠭᠠᠢ᠌ᠯᠠᠨ ᠭᠡᠯᠡᠭᠦ ᠨᠢᠭᠡ ᠵᠣᠢ᠌ᠯ ᠭᠡᠪᠠᠯ᠂ ᠨᠢᠮ᠎ᠠ ᠵᠠᠩᠭ᠋ᠠᠷᠴᠢ ᠪᠣᠷᠤᠭᠤ ᠬᠤᠭᠤᠯᠠᠢ ᠲᠡᠶ ᠪᠣᠯᠬᠤᠷ 《ᠵᠠᠩᠭ᠋ᠠᠷ》᠊ᠢ ᠠᠶᠠᠰᠠᠯᠠᠨ ᠬᠠᠢ᠌ᠯᠠᠵᠤ ᠴᠢᠳᠠᠬᠤ ᠦᠭᠡᠶ᠂ ᠬᠠᠷᠢᠨ ᠥᠭᠡᠴᠢᠯᠡᠨ ᠭᠡᠯᠡᠳᠡᠭ᠌ ᠵᠠᠩᠰᠢᠯ ᠲᠡᠶ ᠪᠠᠢ᠌ᠨ᠎ᠠ᠃ ᠪᠢ 2004 ᠣᠨ ᠤ 2 ᠰᠠᠷ᠎ᠠ ᠶᠢᠨ 13 ᠊ᠤ ᠡᠳᠦᠷ ᠵᠠᠩᠭ᠋ᠠᠷᠴᠢ ᠨᠢᠮ᠎ᠠ ᠡᠴᠡ ᠰᠢᠩᠭᠡᠭᠡᠵᠤ ᠠᠪᠣᠭᠰᠠᠨ 《ᠬᠤᠩᠭ᠋ᠤᠷ ᠤᠨ ᠭᠡᠷ ᠠᠪᠣᠯᠠᠭ᠎ᠠ ᠶᠢᠨ ᠪᠦᠯᠦᠭ᠌》 ᠊ᠤᠨ ᠠᠶᠠᠰ ᠢ ᠨᠤᠲ᠋ ᠶᠢᠡᠷ ᠭᠠᠷᠭᠠᠳᠠᠭ ᠪᠣᠯᠤᠭᠠᠤᠨ ᠴᠢᠳᠠᠭᠰᠠᠨ ᠦᠭᠡᠶ᠃ ᠳᠤᠰ ᠪᠦᠯᠦᠭ᠌ ᠲᠤ ᠵᠠᠩᠭ᠋ᠠᠷᠴᠢ ᠬᠠᠶᠠ ᠨᠢᠭᠡ ᠭᠦᠮᠤᠨ ᠲᠡᠶ ᠶᠠᠷᠢᠯᠴᠠᠵᠤ ᠪᠠᠢ᠌ᠭ᠎ᠠ ᠶᠤᠮ ᠰᠢᠭ ᠠᠰᠠᠭᠤᠯᠳᠠ ᠬᠠᠷᠢᠭᠤᠯᠳᠠ ᠶᠢᠨ ᠮᠠᠶ‍ᠢᠭ ᠶᠢᠡᠷ ᠭᠡᠯᠡᠭᠦ ᠨᠢ ᠮᠠᠰᠢ ᠰᠤᠨᠢᠷᠬᠠᠯ ᠲᠡᠶ ᠪᠣᠯᠵᠠᠢ (ᠵᠢᠱᠢᠶ᠎ᠠ ᠶᠢ ᠳᠦᠭᠦᠮᠴᠢᠯᠡᠪᠡ)᠃

ᠲ᠋ᠠᠭᠠᠯᠳᠤᠭᠤᠯᠤᠨ ᠭᠡᠯᠡᠭᠦ ᠳᠤ᠂ ᠵᠠᠩᠭ᠋ᠠᠷᠴᠢ ᠨᠢᠮ᠎ᠠ ᠪᠣᠰᠤᠳ ᠡᠴᠡ ᠢᠯᠭᠠᠭᠳᠠᠳᠠᠭ ᠨᠢᠭᠡ ᠵᠣᠢ᠌ᠯ ᠭᠡᠪᠠᠯ 《ᠵᠠᠩᠭ᠋ᠠᠷ》 ᠲᠠᠭᠠᠨ ᠣᠷᠤᠨ ᠨᠤᠳᠤᠭ ᠤᠨ ᠭᠡᠯᠡᠯᠭᠡ ᠶᠢ ᠮᠠᠰᠢ ᠣᠯᠠᠨ ᠭᠡᠷᠡᠭᠯᠡᠭ᠍ᠰᠡᠨ ᠪᠠᠢ᠌ᠨ᠎ᠠ᠃ ᠵᠢᠱᠢᠶᠠᠯᠠᠪᠠᠯ᠄ ᠭᠡᠯᠡᠮᠦᠷᠴᠢ ᠭᠡ ᠵᠢᠭᠠᠯ ᠢ ᠮᠠᠭᠳᠠᠨ ᠳᠠᠭᠤᠯᠠᠬᠤ ᠳᠠᠭᠠᠨ 《ᠭᠢᠳᠠᠤᠨ ᠤᠨ ᠭᠡᠯᠡ ᠶᠢ ᠭᠡᠯᠭᠡᠷᠢᠳᠡᠯ᠎ᠡ ᠭᠡᠯᠡᠳᠡᠭ᠌ ᠭᠡᠯᠡᠳᠡᠢ /ᠲ᠋ᠠᠩᠭ᠋ᠤᠳ ᠤᠨ ᠭᠡᠯᠡ ᠶᠢ ᠳᠠᠩᠰᠢᠷᠠᠳᠠᠯ᠎ᠠ ᠭᠡᠯᠡᠳᠡᠭ᠌ /ᠬᠤᠳᠤᠨ ᠤ ᠭᠡᠯᠡ ᠶᠢ ᠬᠤᠮᠬᠠᠷᠠᠳᠠᠯ᠎ᠠ ᠭᠡᠯᠡᠳᠡᠭ᠌》(30) ᠭᠡᠰᠡᠨ ᠭᠡᠰᠡᠭ᠌ ᠡᠴᠡ ᠦᠵᠡᠪᠠᠯ᠂ ᠳᠠᠳᠠᠨ ᠤ ᠨᠤᠳᠤᠭ ᠲᠤ 《ᠣᠢ᠌ᠭᠤᠷ》᠊ᠢ ᠡᠩ ᠤᠨ ᠶᠠᠷᠢᠶᠠᠨ ᠳᠤ 《ᠬᠤᠳᠤᠨ》ᠭᠡᠵᠤ ᠭᠡᠯᠡᠳᠡᠭ᠌᠂ ᠶᠠᠭ ᠡᠨᠡ ᠥᠭᠡ ᠪᠠᠨ 《ᠵᠠᠩᠭ᠋ᠠᠷ》ᠳᠤᠳᠤᠷ᠎ᠠ ᠪᠠᠨ ᠣᠷᠤᠭᠤᠯᠵᠤ ᠭᠡᠯᠡᠭ᠍ᠰᠡᠨ ᠡᠴᠡ ᠠᠳᠠᠯᠢ ᠪᠣᠰᠤ ᠭᠠᠵᠠᠷ ᠣᠷᠤᠨ ᠤ ᠵᠠᠩᠭ᠋ᠠᠷᠴᠢᠳ ᠡᠴᠡ ᠢᠯᠭᠠᠭᠳᠠᠳᠠᠭ ᠨᠢ ᠶᠠᠷᠢᠶᠠᠨ ᠦᠭᠡᠶ ᠭᠡᠷᠡᠭ᠌ ᠪᠣᠯᠤᠨ᠎ᠠ᠃


ᠲ᠋ᠠᠪᠣ᠂ ᠵᠠᠩᠭ᠋ᠠᠷᠴᠢ ᠭᠢᠭᠡᠳ ᠠᠮᠠᠨ ᠣᠯᠠᠮᠵᠢᠯᠠᠯ ᠤᠨ ᠦᠷᠳᠡᠭ᠌


ᠪᠢᠳᠠᠨ ᠠᠮᠠᠨ ᠣᠯᠠᠮᠵᠢᠯᠠᠯ ᠢ ᠰᠤᠶᠤᠯ ᠤᠨ ᠦᠪ ᠣᠯᠠᠮᠵᠢᠯᠠᠯ ᠭᠡᠵᠤ ᠮᠠᠳᠠᠷᠠᠵᠤ ᠦᠨᠡᠯᠠᠵᠤ ᠢᠷᠡᠭ᠍ᠰᠡᠨ ᠪᠣᠯᠪᠠᠴᠤ᠂ ᠠᠮᠠᠨ ᠣᠯᠠᠮᠵᠢᠯᠠᠯ ᠢ ᠪᠢᠴᠢᠭ᠌ ᠤᠨ ᠰᠤᠶᠤᠯ ᠡᠴᠡ ᠡᠷᠳᠡ ᠪᠣᠢ ᠪᠣᠯᠤᠭᠰᠠᠨ᠂ ᠭᠦᠭ᠍ᠵᠢᠯ ᠤᠨ ᠭᠡᠮᠵᠢᠶ᠎ᠡ ᠪᠠᠷ ᠳᠤᠤᠷ᠎ᠠ᠂ ᠰᠤᠶᠤᠯ ᠤᠨ ᠭᠡᠯᠪᠠᠷᠢ ᠪᠠᠷ ᠦᠵᠡᠵᠤ ᠢᠷᠡᠭ᠍ᠰᠡᠨ ᠨᠢ ᠴᠤ ᠦᠨᠡᠨ (31)᠃ ᠵᠢᠱᠢᠶᠠᠯᠠᠪᠠᠯ᠂ ᠪᠢᠴᠢᠭ᠌ ᠤᠨ ᠭᠦᠮᠦᠰ 《ᠵᠠᠩᠭ᠋ᠠᠷ》᠊ᠢ ᠡᠮᠭᠢᠦᠡᠭᠡᠨ ᠴᠤᠭᠯᠠᠭᠤᠯᠬᠤ ᠶᠠᠪᠣᠴᠠ ᠳᠠᠭᠠᠨ ᠪᠦᠳᠦᠭᠡᠯ ᠤᠨ ᠴᠢᠨᠠᠷ ᠢ 《ᠲ᠋ᠡᠭᠡᠭ᠍ᠰᠢᠯᠡᠭᠦᠯᠭᠦ》 ᠡᠭᠦᠳᠡᠨ ᠡᠴᠡ ᠨᠠᠮᠠᠵᠤ᠂ ᠬᠠᠰᠤᠬᠤ ᠠᠷᠠᠤᠨ ᠤᠨ ᠣᠷᠠᠯᠢᠭᠴᠢ ᠵᠠᠩᠭ᠋ᠠᠷᠴᠢ ᠨᠡᠷ ᠤᠨ ᠬᠤᠪᠢ ᠶᠢᠨ ᠦᠵᠡᠯᠳᠠ ᠳᠠᠨᠢᠯᠳᠠ ᠶᠢ ᠰᠠᠨᠠᠭᠠᠨ ᠳᠠᠭᠠᠨ ᠠᠪᠴᠤ ᠳᠤᠰᠬᠠᠢ ᠰᠤᠳᠤᠯᠤᠭᠰᠠᠨ ᠵᠣᠢ᠌ᠯᠠᠰ ᠬᠠᠷᠢᠨ ᠶᠡᠭᠡ ᠴᠥᠭᠡᠨ ᠪᠠᠢ᠌ᠳᠠᠭ᠃ ᠡᠢ᠌ᠮᠤ ᠰᠢᠯᠳᠠᠭᠠᠨ ᠡᠴᠡ ᠪᠣᠯᠤᠭᠠᠤᠨ ᠰᠠᠨᠠᠭᠠᠴᠢᠯᠭ᠎ᠠ ᠲᠡᠶ ᠪᠣᠶᠤ ᠰᠠᠨᠠᠭᠠᠴᠢᠯᠭ᠎ᠠ ᠦᠭᠡᠶ᠂ ᠵᠠᠩᠭ᠋ᠠᠷᠴᠢ ᠶᠢᠨ ᠬᠤᠪᠢ ᠶᠢᠨ ᠦᠵᠡᠯᠳᠠ ᠳᠠᠨᠢᠯᠳᠠ ᠪᠠ ᠠᠮᠠᠨ ᠣᠯᠠᠮᠵᠢᠯᠠᠯ ᠤᠨ ᠦᠨ᠎ᠡ ᠴᠠᠨ᠎ᠠ ᠶᠢ ᠶᠡᠭᠡ ᠭᠡᠮᠵᠢᠶ᠎ᠡ ᠪᠠᠷ ᠪᠠᠭᠤᠷᠠᠭᠤᠯᠤᠭᠰᠠᠨ ᠪᠠᠢ᠌ᠨ᠎ᠠ᠃

《ᠵᠠᠩᠭ᠋ᠠᠷ》 ᠭᠡᠯᠡᠭᠦ ᠨᠢ ᠵᠠᠩᠭ᠋ᠠᠷᠴᠢ ᠪᠣᠯᠤᠨ ᠰᠤᠨᠤᠰᠤᠭᠴᠢᠳ ᠤᠨ ᠨᠢᠭᠡ ᠵᠣᠢ᠌ᠯ ᠤᠨ ᠬᠠᠮᠳᠤ ᠶᠢᠨ ᠣᠢ᠌ᠯᠠᠭᠠᠯᠳᠠ ᠳᠤ ᠰᠠᠭᠤᠷᠢᠯᠠᠵᠤ ᠶᠠᠪᠣᠭᠳᠠᠵᠤ ᠪᠠᠢ᠌ᠬᠤ ᠶᠤᠮ (32)᠃ ᠳᠠᠳᠠᠨ ᠴᠦᠮ ᠳᠡᠭᠡᠨ ᠵᠠᠩᠭ᠋ᠠᠷ ᠢ ᠳᠡᠦᠭᠡᠳᠤ ᠪᠣᠶᠤ ᠰᠠᠭᠢᠭᠤᠯᠰᠤᠯᠢᠭ ᠭᠦᠮᠤᠨ ᠶᠢᠡᠷ ᠦᠵᠡᠨ ᠰᠢᠳᠦᠳᠡᠭ᠌ ᠡᠴᠡ ᠪᠣᠯᠤᠭᠠᠤᠨ 《ᠵᠠᠩᠭ᠋ᠠᠷ》᠊ᠢ ᠬᠠᠢ᠌ᠯᠠᠬᠤ (ᠭᠡᠯᠡᠭᠦ) ᠨᠢ ᠨᠢᠭᠡ ᠨᠡᠢ᠌ᠭᠡᠮ ᠤᠨ ᠰᠢᠠᠵᠢ ᠲᠡᠶ ᠶᠤᠰᠤᠯᠠᠯ ᠪᠣᠯᠵᠤ᠂ ᠡᠨᠡ ᠠᠮᠠᠨ ᠣᠯᠠᠮᠵᠢᠯᠠᠯ ᠨᠢ ᠠᠮᠢᠳᠤ ᠰᠤᠶᠤᠯ ᠤᠨ ᠬᠤᠪᠢ ᠪᠠᠷ ᠰᠤᠶᠤᠯ ᠤᠨ ᠦᠨ᠎ᠡ ᠦᠷᠳᠡᠭ᠌ ᠶᠢᠡᠨ ᠢᠯᠡᠷᠡᠭᠦᠯᠵᠤ ᠪᠠᠢ᠌ᠳᠠᠭ (33)᠃ ᠡᠳᠡᠭᠡᠷ ᠪᠠᠢ᠌ᠳᠠᠯ ᠢ ᠳᠤᠤᠷᠠᠭᠢ ᠮᠠᠳᠤ ᠭᠡᠳᠤᠨ ᠳᠠᠯ᠎ᠠ ᠪᠠᠷ ᠦᠵᠡᠶ᠎ᠠ᠃

(ᠨᠢᠭᠡ) ᠳᠤᠭᠳᠠᠭᠰᠠᠨ ᠴᠡᠭᠡᠷ ᠶᠤᠰᠤ ᠲᠡᠶ᠃ 《ᠵᠠᠩᠭ᠋ᠠᠷ》 ᠲᠡᠶ ᠬᠤᠯᠪᠣᠭᠳᠠᠬᠤ ᠵᠠᠷᠢᠮ ᠴᠡᠭᠡᠷ ᠶᠤᠰᠤᠨ ᠪᠠ ᠵᠠᠩ ᠣᠢ᠌ᠯᠠ ᠨᠢ ᠳᠤᠰ ᠠᠮᠠᠨ ᠣᠯᠠᠮᠵᠢᠯᠠᠯ ᠤᠨ ᠰᠠᠭᠢᠭᠤᠯᠰᠤᠯᠢᠭ ᠪᠠ ᠨᠡᠢ᠌ᠭᠡᠮᠴᠢ ᠰᠢᠠᠵᠢ ᠶᠢ ᠢᠯᠡᠷᠡᠭᠦᠯᠵᠤ ᠪᠠᠢ᠌ᠨ᠎ᠠ (34)᠃ ᠡᠳᠦᠷ ᠶᠢᠡᠷ 《ᠵᠠᠩᠭ᠋ᠠᠷ》 ᠭᠡᠯᠡᠵᠤ ᠪᠣᠯᠬᠤᠰᠢ᠂ ᠮᠠᠭᠤ ᠢᠷᠸ᠎ᠠ ᠲᠡᠶ᠂ ᠵᠢᠯ ᠣᠲ᠋ᠤ ᠪᠣᠯᠤᠨ᠎ᠠ᠂ ᠳᠤᠳᠠᠭᠤ ᠭᠡᠯᠡᠭᠦ ᠦᠭᠡᠶ᠂ ᠨᠠᠰᠤᠨ ᠠᠬᠠᠷ ᠪᠣᠯᠤᠨ᠎ᠠ᠃ ᠰᠦᠮ᠎ᠡ ᠭᠡᠢ᠌ᠤᠨ ᠲᠤ ᠭᠡᠯᠡᠭᠦ ᠦᠭᠡᠶ᠂ ᠰᠦᠮ᠎ᠡ ᠭᠡᠢ᠌ᠤᠨ ᠲᠤ ᠭᠡᠯᠡᠪᠠᠯ ᠰᠠᠭᠢᠭᠤᠯᠰᠤᠨ ᠴᠣᠢ᠌ᠵᠢᠩ ᠢᠴᠢᠨ᠎ᠠ᠃ 《ᠵᠠᠩᠭ᠋ᠠᠷ》ᠰᠤᠨᠤᠰᠬᠤ ᠪᠠᠷ ᠢᠷᠡᠭ᠍ᠰᠡᠨ ᠭᠦᠮᠦᠰ ᠪᠠ ᠵᠠᠩᠭ᠋ᠠᠷᠴᠢ ᠶᠢ ᠬᠤᠭᠤᠰᠤᠨ ᠪᠠᠢ᠌ᠯᠭᠠᠬᠤ ᠪᠣᠶᠤ ᠭᠠᠷ ᠬᠤᠭᠤᠰᠤᠨ ᠭᠠᠷᠭᠠᠬᠤ ᠦᠭᠡᠶ ᠭᠡᠭᠦ ᠮᠠᠳᠤ᠃ ᠡᠳᠡᠭᠡᠷ ᠪᠠᠢ᠌ᠳᠠᠯ ᠨᠢ ᠠᠮᠠᠨ ᠣᠯᠠᠮᠵᠢᠯᠠᠯ ᠤᠨ ᠨᠡᠢ᠌ᠭᠡᠮᠴᠢ ᠰᠢᠠᠵᠢ ᠶᠢ ᠭᠡᠷᠡᠴᠢᠯᠡᠵᠤ ᠪᠠᠢ᠌ᠨ᠎ᠡ᠃

(ᠬᠤᠶᠠᠷ) ᠳᠤᠭᠳᠠᠭᠰᠠᠨ ᠵᠤᠷᠢᠯᠭ᠎ᠠ ᠲᠡᠶ ᠪᠠᠢ᠌ᠳᠠᠭ

《ᠵᠠᠩᠭ᠋ᠠᠷ》 ᠰᠤᠨᠤᠰᠬᠤ ᠪᠠ ᠬᠠᠢ᠌ᠯᠠᠬᠤ ᠨᠢ ᠡᠩ ᠤᠨ ᠣᠷᠠᠨ ᠰᠠᠢ᠌ᠬᠠᠨ ᠤ ᠵᠤᠭ᠎ᠠ ᠴᠡᠩᠭᠡᠯ ᠤᠨ ᠣᠢ᠌ᠯᠠᠳᠤᠯ ᠪᠠᠢ᠌ᠬᠤ ᠪᠠᠷ ᠪᠠᠷᠠᠬᠤ ᠦᠭᠡᠶ᠂ ᠨᠤᠳᠤᠭ ᠣᠰᠤᠨ ᠤ ᠪᠣᠯᠤᠨ ᠭᠡᠷ ᠪᠦᠯᠢ ᠶᠢᠨ ᠭᠡᠢ᠌ᠮᠦᠷᠢ ᠶᠢ ᠭᠡᠢ᠌ᠰᠭᠡᠵᠤ ᠭᠡᠰᠢᠭ᠌ ᠪᠣᠶᠠᠨ ᠢ ᠳᠠᠯᠯᠠᠵᠤ᠂ ᠭᠠᠢ ᠪᠠᠷᠴᠢᠳ ᠡᠴᠡ ᠠᠷᠢᠯᠭᠠᠬᠤ ᠵᠡᠷᠭᠡ ᠳᠠᠯ᠎ᠠ ᠪᠠᠷ ᠪᠣᠷᠬᠠᠨ ᠱᠠᠰᠢᠨ ᠤ ᠰᠤᠳᠤᠷ ᠢ ᠣᠩᠰᠢᠭᠤᠯᠤᠭᠰᠠᠨ ᠲᠡᠶ ᠠᠳᠠᠯᠢ ᠴᠢᠬᠤᠯᠠ ᠨᠡᠢ᠌ᠭᠡᠮ ᠤᠨ ᠣᠢ᠌ᠯᠠᠳᠤᠯ ᠢ ᠥᠵᠡᠭᠦᠯᠵᠤ ᠪᠠᠢ᠌ᠨ᠎ᠠ᠃ ᠠᠳᠤᠭᠤᠨ ᠬᠤᠰᠢᠭᠤ ᠳᠤ ᠠᠳᠤᠭᠤᠴᠢᠨ ᠣᠯᠠᠨ ᠴᠤᠭᠯᠠᠷᠠᠭᠰᠠᠨ ᠭᠠᠵᠠᠷ᠂ ᠴᠠᠭᠠᠨ ᠤ ᠭᠤᠴᠢᠨ ᠠᠰᠬᠠᠨ ᠠᠢ᠌ᠯ ᠬᠤᠰᠢᠭᠤ ᠣᠯᠤᠰ ᠨᠤᠭᠤᠳ ᠲᠤ ᠨᠤᠳᠤᠭ ᠣᠰᠤᠨ ᠤ ᠣᠪᠣᠭ᠎ᠠ ᠳᠠᠭᠢᠯᠭ᠎ᠠ ᠳᠡᠭᠡᠷ᠎ᠡ ᠭᠡᠯᠡᠵᠤ᠂ ᠨᠤᠳᠤᠭ ᠣᠰᠤᠨ ᠤ ᠰᠠᠪᠳᠠᠭ ᠰᠢᠪᠳᠠᠭ ᠢ ᠪᠠᠶᠠᠰᠬᠠᠨ ᠮᠠᠯ ᠬᠠᠷ ᠶᠢᠡᠨ ᠣᠯᠠᠨ ᠪᠣᠯᠭᠠᠬᠤ ᠶᠢ ᠭᠦᠰᠡᠭᠦ ᠵᠡᠷᠭᠡ ᠣᠯᠠᠨ ᠳᠠᠯ᠎ᠠ ᠶᠢᠨ ᠵᠤᠷᠢᠯᠭ᠎ᠠ ᠲᠡᠶ ᠪᠠᠢ᠌ᠳᠠᠭ ᠶᠤᠮ᠃ ᠭᠡᠯᠡᠯᠭᠡᠨ ᠦᠭᠡᠶ᠂ ᠡᠨᠡ ᠳᠠᠯ᠎ᠠ ᠪᠠᠷ ᠪᠣᠷᠬᠠᠨ ᠱᠠᠰᠢᠨ ᠤ ᠵᠠᠷᠢᠮ ᠵᠣᠢ᠌ᠯᠠᠰ ᠢ ᠰᠢᠩᠭᠡᠭᠡᠨ ᠠᠪᠴᠤ ᠨᠡᠢ᠌ᠭᠡᠮᠴᠢ ᠴᠢᠨᠠᠷ ᠲᠡᠶ ᠣᠢ᠌ᠯᠠᠳᠤᠯ ᠢ ᠲᠦᠯᠦᠭᠡᠯᠡᠨ ᠪᠠᠶᠡᠯᠡᠭᠦᠯᠵᠤ ᠭᠦᠮᠦᠰ ᠤᠨ ᠰᠡᠳᠭᠢᠯ ᠵᠢᠷᠦᠭᠡ ᠶᠢ ᠪᠠᠶᠠᠰᠬᠠᠨ᠂ ᠭᠦᠴᠤ ᠵᠤᠷᠢᠭ ᠢ ᠨᠡᠮᠡᠭ᠍ᠳᠡᠭᠦᠯᠤᠨ ᠰᠡᠳᠭᠢᠯ ᠢ ᠳᠠᠢ᠌ᠤᠠᠬᠠᠪᠣᠷᠢᠯᠠᠵᠤ ᠪᠠᠢ᠌ᠳᠠᠭ ᠪᠢᠯᠠ᠃

(ᠭᠤᠷᠪᠠ) ᠵᠠᠩᠭ᠋ᠠᠷᠴᠢ ᠶᠠᠭᠠᠭᠢᠭᠠᠤᠨ ᠭᠡᠳᠤᠨ ᠲᠦᠮᠡᠨ ᠥᠰᠦᠭ᠌ ᠲᠡᠶ ᠰᠢᠯᠦᠭ᠌ ᠢ ᠴᠡᠭᠡᠵᠢᠯᠡᠵᠤ ᠴᠢᠳᠠᠳᠠᠭ ᠪᠣᠢ

ᠵᠠᠩᠭ᠋ᠠᠷᠴᠢ 《ᠵᠠᠩᠭ᠋ᠠᠷ》ᠰᠤᠷᠬᠤ ᠳᠠᠭᠠᠨ ᠨᠢᠭᠡ ᠨᠢᠭᠡ ᠥᠭᠡ᠂ ᠨᠢᠭᠡ ᠥᠭᠦᠯᠡᠪᠦᠷᠢ ᠪᠠᠷ ᠥᠭᠦᠮᠡᠯ ᠴᠡᠭᠡᠵᠢᠯᠡᠭᠦ ᠵᠠᠩᠰᠢᠯ ᠲᠡᠶ ᠪᠠᠢ᠌ᠳᠠᠭ ᠦᠭᠡᠶ᠂ ᠬᠠᠷᠢᠨ ᠡᠮᠦᠨ᠎ᠡ ᠨᠢᠭᠡ ᠦᠶ᠎ᠡ ᠶᠢᠨ ᠵᠠᠩᠭ᠋ᠠᠷᠴᠢ ᠶᠢᠨ 《ᠵᠠᠩᠭ᠋ᠠᠷ》᠊ᠢ ᠣᠯᠠᠮᠵᠢᠯᠠᠬᠤ ᠶᠠᠪᠣᠴᠠ ᠳᠠᠭᠠᠨ ᠳᠤᠬᠠᠢ ᠶᠢᠨ ᠭᠠᠵᠠᠷ ᠤᠨ ᠭᠦᠮᠦᠰ ᠤᠨ ᠳᠤᠷ᠎ᠠ ᠰᠤᠨᠢᠷᠬᠠᠯ ᠳᠤ ᠦᠨᠳᠦᠰᠦᠯᠠᠨ ᠰᠢᠨ᠎ᠠ ᠠᠭᠤᠯᠭ᠎ᠠ ᠨᠡᠮᠡᠭᠦ ᠪᠣᠶᠤ ᠬᠠᠰᠤᠵᠤ ᠥᠭᠡᠷᠴᠢᠯᠡᠳᠡᠭ᠌᠃ ᠡᠨᠡ ᠥᠭᠡᠷᠴᠢᠯᠡᠭᠦ ᠶᠠᠪᠣᠴᠠ ᠳᠠᠭᠠᠨ ᠦᠪᠡᠷ ᠶᠢᠡᠨ ᠵᠠᠷᠢᠮ ᠭᠡᠰᠡᠭ᠌ ᠳ᠋ᠤᠨᠢ ᠵᠠᠰᠠᠪᠣᠷᠢ ᠣᠷᠤᠭᠤᠯᠬᠤ ᠪᠣᠶᠤ ᠭᠦᠭ᠌ ᠠᠶᠠᠰ ᠵᠤᠬᠢᠶᠠᠵᠤ᠂ ᠪᠣᠰᠤᠳ ᠪᠦᠯᠦᠭ᠌ ᠤᠨ ᠳᠦᠷᠢ ᠳᠦᠷᠭᠦ ᠪᠠ ᠣᠷᠴᠢᠨ ᠳᠤᠭᠤᠷᠢᠨ ᠤ ᠳᠦᠷᠰᠤᠯᠠᠯ ᠢ ᠬᠤᠤᠠᠬᠤᠨ ᠭᠡᠷᠡᠭᠯᠡᠭᠡᠳ ᠳᠤᠤᠯᠢ 《ᠵᠠᠩᠭ᠋ᠠᠷ》᠊ᠤᠨ ᠠᠭᠤᠯᠭ᠎ᠠ ᠶᠢ ᠠᠶᠠᠠᠳᠠᠭᠠᠨ ᠪᠠᠶᠠᠯᠢᠭᠵᠢᠭᠤᠯᠳᠠᠭ ᠪᠠᠢ᠌ᠨ᠎ᠠ᠃ ᠢᠩᠭᠢᠭᠡᠳ ᠳᠤᠤᠯᠢ 《ᠵᠠᠩᠭ᠋ᠠᠷ》ᠠᠬᠠᠷ ᠡᠴᠡ ᠪᠠᠨ ᠣᠲ᠋ᠤ᠂ ᠳᠦᠭᠦᠮ ᠡᠴᠡ ᠪᠠᠨ ᠨᠠᠷᠢᠯᠢᠭ ᠪᠣᠯᠵᠤ ᠮᠠᠰᠢ ᠣᠯᠠᠨ ᠵᠠᠩᠭ᠋ᠠᠷᠴᠢᠳ ᠤᠨ ᠠᠮᠠ ᠪᠠᠷ ᠣᠯᠠᠮᠵᠢᠯᠠᠭᠳᠠᠨ ᠥᠩᠭᠡᠷᠡᠵᠤ ᠮᠠᠨ ᠤ ᠦᠶ᠎ᠡ ᠳᠤ ᠭᠦᠷᠴᠤ ᠢᠷᠡᠭ᠍ᠰᠡᠨ ᠪᠠᠢ᠌ᠨ᠎ᠠ᠃ ᠭᠡᠭᠦ ᠳᠡᠭᠡᠨ ᠵᠠᠩᠭ᠋ᠠᠷᠴᠢ ᠶᠠᠭᠠᠭᠢᠭᠠᠤᠨ ᠡᠢ᠌ᠮᠤ ᠭᠡᠳᠤᠨ ᠲᠦᠮᠡᠨ ᠥᠰᠦᠭ᠌ ᠲᠡᠶ 《ᠵᠠᠩᠭ᠋ᠠᠷ》᠊ᠢ ᠴᠡᠭᠡᠵᠢᠯᠡᠵᠤ ᠪᠠᠰᠠ ᠪᠠᠶ᠎ᠠ ᠨᠢ ᠮᠡᠳᠡᠭᠦ ᠦᠭᠡᠶ 《ᠵᠠᠩᠭ᠋ᠠᠷ》᠊ᠤᠨ ᠪᠦᠯᠦᠭ᠌ ᠢ ᠪᠣᠰᠤᠳ ᠵᠠᠩᠭ᠋ᠠᠷᠴᠢ ᠡᠴᠡ ᠰᠤᠨᠤᠰᠤᠨ ᠳᠤᠤᠷ᠎ᠠ ᠨᠢ ᠴᠡᠭᠡᠵᠢᠯᠡᠭᠡᠳ ᠠᠪᠴᠤ ᠴᠢᠳᠠᠳᠠᠭ ᠪᠠᠢ᠌ᠨ᠎ᠠ᠃ ᠥᠩᠭᠡᠷᠡᠭ᠍ᠰᠡᠨ ᠤ ᠵᠠᠩᠭ᠋ᠠᠷᠴᠢᠳ ᠢ ᠰᠤᠷᠪᠣᠯᠵᠢᠯᠠᠭᠰᠠᠨ 《ᠭᠡᠭᠡᠷ᠎ᠡ ᠶᠢᠨ ᠰᠢᠡᠵᠢᠯᠡᠭᠡᠨ ᠤ ᠪᠠᠢ᠌ᠴᠠᠭᠠᠯᠳᠠ》 ᠡᠴᠡ ᠵᠠᠩᠭ᠋ᠠᠷᠴᠢᠳ ᠤᠨ ᠵᠠᠩᠭ᠋ᠠᠷ ᠰᠤᠷᠬᠤ ᠣᠴᠢᠷ ᠡᠴᠡ ᠦᠵᠡᠪᠠᠯ ᠪᠦᠷ ᠠᠬᠠᠮᠠᠤᠨ ᠨᠢᠭᠡ ᠦᠶ᠎ᠡ ᠶᠢᠨ ᠵᠠᠩᠭ᠋ᠠᠷᠴᠢ ᠡᠴᠡ ᠰᠤᠷᠤᠭᠰᠠᠨ ᠡᠰᠡᠭᠦᠯ᠎ᠡ 《ᠵᠠᠩᠭ᠋ᠠᠷ》᠊ᠤᠨ ᠭᠠᠷ ᠪᠢᠴᠢᠮᠠᠯ ᠡᠴᠡ ᠴᠡᠭᠡᠵᠢᠯᠡᠭ᠍ᠰᠡᠨ ᠡᠰᠡᠭᠦᠯ᠎ᠡ ᠵᠡᠭᠦᠳᠤ ᠪᠠᠷ ᠶᠢᠡᠨ ᠰᠤᠷᠤᠭᠰᠠᠨ ᠭᠡᠭᠦ ᠮᠠᠳᠤ᠃ ᠭᠡᠯᠡᠯᠭᠡᠨ ᠦᠭᠡᠶ᠂ ᠡᠳᠡᠭᠡᠷ ᠨᠢ ᠵᠠᠩᠭ᠋ᠠᠷᠴᠢᠳ ᠤᠨ 《ᠵᠠᠩᠭ᠋ᠠᠷ》ᠰᠤᠷᠬᠤ ᠠᠳᠠᠯᠢ ᠪᠣᠰᠤ ᠠᠷᠭ᠎ᠠ ᠭᠡᠯᠪᠠᠷᠢ ᠪᠣᠯᠪᠠᠴᠤ ᠴᠤᠬᠤᠮ 《ᠵᠠᠩᠭ᠋ᠠᠷ》᠊ᠢ ᠶᠠᠭᠠᠭᠢᠵᠤ ᠰᠤᠷᠤᠭᠰᠠᠨ ᠪᠣᠢ ᠭᠡᠳᠡᠭ᠌ ᠠᠰᠠᠭᠤᠯᠳᠠ ᠳᠤ ᠬᠠᠨᠤᠮᠵᠢᠳᠠᠢ ᠬᠠᠷᠢᠭᠤᠯᠳᠠ ᠥᠭ᠍ᠴᠤ ᠴᠢᠳᠠᠬᠤ ᠦᠭᠡᠶ᠂ ᠦᠪᠡᠷ ᠶᠢᠡᠨ ᠪᠠᠰᠠ ᠰᠠᠢ᠌ᠨ ᠮᠡᠳᠡᠭᠦ ᠦᠭᠡᠶ᠃ ᠡᠢ᠌ᠮᠤ ᠡᠴᠡ ᠡᠭᠦᠨ ᠤ ᠭᠦᠨ ᠣᠤᠠᠬ᠎ᠠ ᠶᠢ ᠣᠬᠠᠴᠢᠯᠠᠪᠠᠯ᠂ ᠵᠠᠩᠭ᠋ᠠᠷᠴᠢᠳ 《ᠵᠠᠩᠭ᠋ᠠᠷ》ᠰᠤᠷᠬᠤ ᠳᠤ ᠨᠢᠭᠡᠨᠲᠡ ᠭᠡᠪᠰᠢᠭ᠍ᠰᠡᠨ ᠭᠡᠯᠡᠯᠭᠡ ᠵᠢ ᠭᠡᠷᠡᠭᠯᠡᠵᠤ ᠪᠠᠢ᠌ᠨ᠎ᠠ᠃ ᠥᠭᠡᠷ᠎ᠡ ᠪᠠᠷ ᠭᠡᠯᠡᠪᠠᠯ᠂ ᠳᠤᠭᠠᠨ ᠤ ᠣᠬᠠᠭᠠᠨ ᠳᠤ ᠨᠢᠭᠡ ᠳᠤᠮᠢᠶ᠎ᠠ ᠪᠠᠷ ᠭᠡᠳᠤᠨ ᠵᠠᠭᠤᠨ ᠳᠤᠭ᠎ᠠ ᠶᠢ ᠪᠣᠳᠤᠵᠤ ᠭᠠᠷᠭᠠᠳᠠᠭ ᠲᠡᠶ ᠠᠳᠠᠯᠢᠬᠠᠨ 《ᠵᠠᠩᠭ᠋ᠠᠷ》᠊ᠤᠨ ᠭᠡᠪᠰᠢᠭ᠍ᠰᠡᠨ ᠭᠡᠯᠡᠯᠭᠡ ᠪᠠᠷ ᠭᠡᠳᠤ ᠭᠡᠳᠤᠨ ᠪᠦᠯᠦᠭ᠌ ᠢ ᠭᠡᠯᠡᠵᠤ ᠪᠣᠯᠳᠠᠭ ᠪᠠᠢ᠌ᠨ᠎ᠠ᠃

1᠂ ᠥᠭᠡ ᠭᠡᠯᠡ ᠪᠠᠷ ᠢᠯᠡᠳᠭᠡᠭᠦ ᠵᠠᠭᠪᠣᠷᠴᠢᠯᠠᠯ

ᠲ᠋ᠤᠰ ᠵᠠᠭᠪᠣᠷᠴᠢᠯᠠᠯ ᠪᠣᠯ ᠨᠢᠭᠡ ᠪᠣᠶᠤ ᠭᠡᠳᠤ ᠭᠡᠳᠤᠨ ᠥᠭᠡ ᠥᠭᠦᠯᠡᠪᠦᠷᠢ ᠡᠰᠡᠭᠦᠯ᠎ᠡ ᠨᠢᠭᠡ ᠮᠦᠷ ᠥᠭᠦᠯᠡᠪᠦᠷᠢ᠂ ᠨᠢᠭᠡ ᠪᠠᠳᠠᠭ ᠰᠢᠯᠦᠭ᠌ ᠶᠢᠡᠷ ᠢᠷᠠᠵᠤ ᠶᠠᠮᠠᠷ ᠨᠢᠭᠡ ᠭᠦᠮᠤᠨ᠂ ᠭᠡᠷᠡᠭ᠌ ᠢ ᠢᠯᠡᠷᠡᠭᠦᠯᠳᠡᠭ᠌ ᠠᠮᠠᠨ ᠣᠯᠠᠮᠵᠢᠯᠠᠯ ᠤᠨ ᠳᠤᠭᠳᠠᠭᠰᠠᠨ ᠭᠡᠯᠡᠯᠭᠡ ᠪᠣᠯᠤᠨ᠎ᠠ᠃ ᠥᠭᠡᠷ᠎ᠡ ᠪᠠᠷ ᠭᠡᠯᠡᠪᠠᠯ ᠵᠠᠩᠭ᠋ᠠᠷᠴᠢᠳ 《ᠵᠠᠩᠭ᠋ᠠᠷ》ᠬᠠᠢ᠌ᠯᠠᠬᠤ ᠶᠠᠪᠣᠴᠠ ᠳᠠᠭᠠᠨ ᠭᠦᠮᠤᠨ ᠪᠠ ᠭᠡᠷᠡᠭ᠌ ᠲᠤᠬᠢᠶᠠᠯᠳᠤᠪᠠᠯ ᠠᠪᠤᠨ ᠳᠤᠤᠷ᠎ᠠ ᠨᠢ ᠪᠣᠯᠪᠠᠰᠤᠷᠠᠩᠭ᠋ᠤᠢ ᠪᠠᠷ ᠨᠢᠭᠡᠨᠲᠡ ᠭᠡᠪᠰᠢᠭ᠍ᠰᠡᠨ ᠭᠡᠯᠡᠯᠭᠡ ᠶᠢ ᠭᠡᠷᠡᠭᠯᠡᠨ ᠣᠶᠠᠩᠭ᠋ᠠᠯᠠᠵᠤ ᠴᠢᠳᠠᠳᠠᠭ᠃ ᠵᠢᠱᠢᠶᠠᠯᠠᠪᠠᠯ᠂ ᠪᠣᠭᠳᠠ ᠨᠤᠶᠠᠨ ᠵᠠᠩᠭ᠋ᠠᠷ᠂ ᠠᠷᠰᠯᠠᠨ ᠤ ᠠᠷᠠᠭ ᠣᠯᠠᠭᠠᠨ ᠬᠤᠩᠭ᠋ᠤᠷ᠂ ᠪᠦᠭᠡ ᠮᠥᠩᠭᠦᠨ ᠰᠢᠩᠰᠢᠯᠭᠡ᠂ ᠭᠦᠡᠳᠤ ᠭᠠᠷ ᠲᠡᠶ ᠰᠠᠪᠠᠷ ᠭᠡᠭᠦ ᠮᠠᠳᠤ᠃

2᠂ ᠠᠬᠤᠢ ᠪᠠᠢ᠌ᠳᠠᠯ ᠤᠨ ᠳᠦᠷᠰᠤᠯᠠᠯ ᠶᠢᠡᠷ ᠢᠯᠡᠷᠡᠭᠦ ᠵᠠᠭᠪᠣᠷᠴᠢᠯᠠᠯ

ᠲ᠋ᠤᠰ ᠠᠮᠠᠨ ᠣᠯᠠᠮᠵᠢᠯᠠᠯ ᠤᠨ ᠵᠠᠭᠪᠣᠷᠴᠢᠯᠠᠯ ᠪᠣᠯ ᠵᠠᠩᠭ᠋ᠠᠷᠴᠢᠳ ᠬᠠᠮᠤᠭ ᠤᠨ ᠣᠯᠠᠨ ᠭᠡᠷᠡᠭᠯᠡᠳᠡᠭ᠌ ᠨᠢᠭᠡ ᠵᠣᠢ᠌ᠯ ᠤᠨ ᠭᠡᠯᠪᠠᠷᠢ ᠪᠣᠯᠤᠨ᠎ᠠ᠃ ᠥᠭᠡᠷ᠎ᠡ ᠪᠠᠷ ᠭᠡᠯᠡᠪᠠᠯ᠂ ᠪᠠᠭᠠᠳᠤᠷᠴᠤᠳ ᠤᠨ ᠨᠠᠢ᠌ᠷ ᠳ᠋ᠠᠩᠭ᠋ᠠᠷᠠᠢ ᠭᠢᠭᠦ᠂ ᠳᠠᠢ᠌ᠨ ᠳᠤ ᠮᠤᠷᠳᠠᠬᠤ᠂ ᠰᠠᠯᠤᠯᠳᠠ ᠭᠢᠭᠦ᠂ ᠪᠠᠶ᠎ᠠ ᠬᠤᠪᠢᠰᠬᠤ᠂ ᠣᠯᠵᠠᠯᠠᠭᠴᠢᠳ ᠶᠢᠡᠨ ᠬᠤᠪᠢᠶᠠᠬᠤ᠂ ᠢᠯᠠᠯᠳᠠ ᠲᠡᠶ ᠪᠠᠷ ᠪᠣᠴᠠᠵᠤ ᠢᠷᠡᠭᠦ ᠪᠣᠯᠤᠨ ᠣᠷᠳᠤᠨ ᠬᠠᠷᠰᠢ ᠶᠢᠨ ᠰᠦᠷᠯᠢᠭ᠌᠂ ᠮᠤᠷᠢᠨ ᠡᠵᠡᠨ ᠤ ᠶᠠᠷᠢᠯᠴᠠᠭ᠎ᠠ᠂ ᠮᠤᠷᠢᠨ ᠡᠵᠡᠨ ᠶᠢᠡᠨ ᠠᠪᠣᠷᠠᠬᠤ᠂ ᠠᠷᠢᠭᠢ ᠣᠤᠭᠤᠬᠤ ᠪᠠᠢ᠌ᠳᠠᠯ᠂ ᠶᠠᠳᠠᠷᠠᠭᠰᠠᠨ ᠪᠠᠢ᠌ᠳᠠᠯ᠂ ᠳᠠᠢ᠌ᠯᠠᠭᠳᠠᠭᠰᠠᠨ ᠪᠠᠢ᠌ᠳᠠᠯ ᠵᠡᠷᠭᠡ ᠪᠦᠷᠢ ᠶᠡᠭᠡ ᠲᠦᠯᠤᠪ ᠪᠣᠶᠤ ᠨᠠᠷᠢᠯᠢᠭ ᠳᠦᠷᠰᠦᠯᠡᠭ᠍ᠳᠡᠳᠡᠭ᠌᠃ ᠡᠳᠡᠭᠡᠷ ᠣᠢ᠌ᠯᠠ ᠭᠡᠷᠡᠭ᠌ ᠪᠠ ᠠᠵᠢᠯᠯᠠᠭᠠᠨ ᠤ ᠳᠦᠷᠰᠤᠯᠠᠯ ᠨᠢ ᠪᠦᠷ ᠶᠠᠮᠠᠷ ᠴᠤ 《ᠵᠠᠩᠭ᠋ᠠᠷ》᠊ᠤᠨ ᠪᠦᠯᠦᠭ᠌ ᠳᠤᠳᠤᠷ᠎ᠠ ᠪᠦᠷ ᠢᠯᠡᠷᠡᠳᠡᠭ᠌᠃ ᠡᠢ᠌ᠮᠤ ᠡᠴᠡ ᠵᠠᠩᠭ᠋ᠠᠷᠴᠢᠳ ᠳᠡᠳᠡᠭᠡᠷ ᠭᠡᠪᠰᠢᠭ᠍ᠰᠡᠨ ᠭᠡᠯᠪᠠᠷᠢ ᠶᠢ ᠴᠡᠭᠡᠵᠢᠯᠡᠵᠤ᠂ ᠣᠯᠠᠨ ᠭᠡᠷᠡᠭ᠌ ᠳ᠋ᠤᠨᠢ ᠨᠡᠮᠡᠭᠦ ᠪᠣᠶᠤ ᠬᠠᠰᠤᠵᠤ ᠦᠪᠡᠷ ᠤᠨ ᠶᠠᠭᠤᠮ᠎ᠠ ᠪᠠᠨ ᠪᠣᠯᠭᠠᠨ ᠪᠣᠯᠪᠠᠰᠤᠷᠠᠩᠭ᠋ᠤᠢ ᠰᠠᠢ᠌ᠬᠠᠨ ᠬᠠᠢ᠌ᠯᠠᠵᠤ ᠴᠢᠳᠠᠳᠠᠭ᠃ ᠵᠢᠱᠢᠶᠠᠯᠠᠪᠠᠯ᠄ 《ᠪᠠᠭᠠᠳᠤᠷᠴᠤᠳ ᠤᠨ ᠨᠠᠢ᠌ᠷ ᠳ᠋ᠠᠩᠭ᠋ᠠᠷᠠᠢ ᠶᠢᠨ ᠳᠦᠷᠰᠤᠯᠠᠯ᠂ ᠳᠠᠢ᠌ᠨ ᠳᠤ ᠮᠤᠷᠳᠠᠬᠤ᠂ ᠮᠤᠷᠢᠨ ᠳᠤ ᠮᠤᠷᠳᠠᠬᠤ᠂ ᠠᠷᠢᠭᠢ ᠣᠤᠭᠤᠬᠤ᠂ ᠰᠠᠭᠠᠳᠠᠭ ᠬᠠᠷᠪᠣᠬᠤ᠂ ᠮᠤᠷᠢᠨ ᠡᠵᠡᠨ ᠬᠤᠶᠠᠷ ᠤᠨ ᠶᠠᠷᠢᠯᠴᠠᠭ᠎ᠠ᠂ ᠣᠷᠳᠤᠨ ᠬᠠᠷᠰᠢ ᠶᠢᠨ ᠰᠦᠷᠯᠢᠭ᠌ ᠤᠨ ᠳᠦᠷᠰᠤᠯᠠᠯ ᠵᠡᠷᠭᠡ ᠪᠣᠯᠤᠨ᠎ᠠ᠃》

3᠂ ᠣᠢ᠌ᠯᠠ ᠶᠠᠪᠣᠳᠠᠯ ᠤᠨ ᠪᠦᠳᠦᠴᠡ ᠶᠢᠨ ᠵᠠᠭᠪᠣᠷᠴᠢᠯᠠᠯ

《ᠵᠠᠩᠭ᠋ᠠᠷ》᠊ᠤᠨ ᠪᠦᠯᠦᠭ᠌ ᠪᠦᠷᠢ ᠳᠤ ᠪᠦᠷ ᠳᠤᠭᠳᠠᠭᠰᠠᠨ ᠠᠭᠤᠯᠭ᠎ᠠ ᠪᠠ ᠭᠤᠤᠯ ᠰᠠᠳᠤᠪ ᠪᠠᠢ᠌ᠳᠠᠭ᠃ ᠳᠡᠭᠦᠨ ᠤ ᠪᠦᠳᠦᠴᠡ ᠨᠢ ᠠᠳᠠᠯᠢ ᠪᠢᠰᠢ ᠭᠡᠯᠪᠠᠷᠢ ᠲᠡᠶ (35)᠃ ᠳᠤᠬᠠᠢ᠌ᠯᠠᠪᠠᠯ᠄ ᠲ᠋ᠠᠢ᠌ᠨ᠂ ᠣᠷᠤᠭ ᠬᠤᠷᠢᠮ᠂ ᠨᠠᠢ᠌ᠷ ᠳᠠᠩᠭ᠋ᠠᠷᠠᠢ᠂ ᠠᠠᠳᠠ ᠪᠠᠷᠢᠯᠳᠠᠯᠭ᠎ᠠ ᠭᠡᠭᠦ ᠮᠠᠳᠤ ᠶᠢᠨ ᠭᠡᠯᠪᠠᠷᠢ ᠪᠠᠢ᠌ᠳᠠᠭ᠃ ᠡᠭᠦᠨ ᠳᠤ ᠳᠠᠢ᠌ᠨ ᠭᠢᠭᠦ ᠪᠠᠷ ᠵᠢᠱᠢᠶᠠᠯᠠᠪᠠᠯ᠄

ᠡᠨᠡ ᠭᠡᠯᠪᠠᠷᠢ ᠳᠤᠤᠯᠢ 《ᠵᠠᠩᠭ᠋ᠠᠷ》᠊ᠤᠨ ᠳᠤᠳᠤᠷᠠᠭᠢ ᠪᠦᠯᠦᠭ᠌ ᠨᠤᠭᠤᠳ ᠳᠤᠳᠤᠷ᠎ᠠ ᠬᠠᠮᠤᠭ ᠣᠯᠠᠨ ᠲᠤᠬᠢᠶᠠᠯᠳᠤᠳᠠᠭ᠃ 《ᠲ᠋ᠤᠭᠰᠢᠨ ᠬᠠᠷ᠎ᠠ ᠰᠠᠨᠠᠯ ᠤᠨ ᠪᠦᠯᠦᠭ᠌》 ᠲᠤ᠄

ᠨᠠᠢ᠌ᠷ ᠳ᠋ᠠᠩᠭ᠋ᠠᠷᠠᠢ │ ᠵᠠᠩᠭ᠋ᠠᠷ ᠰᠠᠨᠠᠯ ᠢ ᠳᠠᠢ᠌ᠨ ᠳᠤ ᠮᠤᠷᠳᠠ ᠭᠡᠵᠤ ᠵᠠᠷᠯᠢᠭᠳᠠᠬᠤ │ ᠰᠠᠨᠠᠯ ᠵᠤᠪᠠᠯᠠᠩ ᠶᠢᠡᠨ ᠳᠤᠭᠠᠴᠢᠬᠤ᠂ ᠤᠯᠠᠨ ᠪᠠᠭᠠᠳᠤᠷ ᠤᠳ ᠠᠷᠢᠭᠢ ᠪᠠᠷᠢᠬᠤ᠂ ᠰᠠᠨᠠᠯ ᠵᠦᠪᠰᠢᠶᠠᠷᠠᠵᠤ ᠳᠠᠢ᠌ᠨ ᠳᠤ ᠮᠤᠷᠳᠠᠬᠤ │ ᠮᠤᠷᠢᠨ ᠳᠠᠭᠠᠨ ᠮᠤᠷᠳᠠᠬᠤ │ ᠵᠠᠷ ᠵᠡᠪᠰᠢᠭ᠌ ᠶᠢᠡᠨ ᠵᠡᠭᠦᠭᠦ᠂ ᠣᠯᠠᠨ ᠪᠠᠭᠠᠳᠤᠷ ᠤᠳ ᠰᠠᠯᠤᠯᠳᠠ ᠶᠢᠨ ᠶᠤᠰᠤ ᠭᠢᠭᠦ᠂ ᠵᠠᠮ ᠵᠠᠭᠤᠷ᠎ᠠ ᠱᠤᠯᠤᠮ ᠲᠡᠶ ᠬᠠᠷᠭᠤᠯᠳᠤᠬᠤ │ ᠰᠠᠢ᠌ᠨ ᠰᠡᠳᠭᠢᠯ ᠲᠡᠶ ᠭᠡᠦᠭᠡᠨ ᠠᠪᠣᠷᠠᠬᠤ │ ᠮᠠᠩᠭ᠋ᠤᠰ ᠤᠨ ᠣᠷᠤᠨ ᠳᠤ ᠢᠷᠡᠭᠦ │ᠲ᠋ᠠᠢ᠌ᠰᠤᠨ ᠲᠡᠶ ᠳᠠᠢ᠌ᠯᠳᠤᠬᠤ᠂ ᠡᠭᠡᠯ ᠠᠷᠠᠤᠨ ᠢ ᠠᠪᠣᠷᠠᠵᠤ᠂ ᠳᠠᠢ᠌ᠰᠤᠨ ᠤ ᠨᠤᠳᠤᠭ ᠢ ᠨᠡᠭᠦᠯᠭᠡᠵᠤ ᠢᠷᠡᠭᠦ │ ᠣᠯᠠᠨ ᠪᠠᠭᠠᠳᠤᠷᠴᠤᠳ ᠢ ᠣᠭᠳᠤᠨ ᠠᠪᠬᠤ │ ᠨᠠᠢ᠌ᠷ ᠳ᠋ᠠᠩᠭ᠋ᠠᠷᠠᠢ ᠭᠢᠵᠤ ᠪᠦᠭᠦ ᠣᠢ᠌ᠯᠠ ᠶᠠᠪᠣᠳᠠᠯ ᠳᠡᠭᠦᠰᠳᠡᠭ᠌᠃

ᠠᠮᠠᠨ ᠣᠯᠠᠮᠵᠢᠯᠠᠯ ᠤᠨ ᠵᠠᠭᠪᠣᠷᠴᠢᠯᠠᠯ ᠪᠣᠯ ᠳᠤᠤᠯᠢ 《ᠵᠠᠩᠭ᠋ᠠᠷ》᠊ᠢ ᠰᠤᠷᠴᠤ ᠡᠵᠡᠮᠰᠢᠭᠦ ᠪᠠ ᠣᠯᠠᠮᠵᠢᠯᠠᠨ ᠵᠤᠬᠢᠶᠠᠵᠤ ᠪᠦᠳᠦᠭᠡᠭᠦ ᠨᠢᠭᠡ ᠵᠣᠢ᠌ᠯ ᠤᠨ ᠦᠨᠳᠦᠰᠦᠨ ᠠᠷᠭ᠎ᠠ ᠪᠠ ᠣᠷ᠎ᠠ ᠮᠡᠷᠭᠡᠵᠢᠯ ᠪᠣᠯᠤᠨ᠎ᠠ᠃ ᠠᠯᠢᠪᠠ ᠪᠦᠯᠦᠭ᠌ ᠪᠦᠷᠢ ᠶᠢᠨ ᠡᠭᠢᠨ ᠡᠴᠡ ᠠᠳᠠᠭ ᠭᠦᠷᠳᠡᠯ᠎ᠡ ᠪᠦᠭᠦ ᠠᠭᠤᠯᠭ᠎ᠠ ᠶᠢ ᠬᠠᠮᠤᠷᠴᠤ ᠳᠤᠤᠯᠢ 《ᠵᠠᠩᠭ᠋ᠠᠷ》᠊ᠤᠨ ᠴᠢᠰᠤ ᠮᠢᠬ᠎ᠠ ᠶᠢ ᠪᠦᠷᠢᠯᠳᠦᠭᠦᠯᠤᠨ ᠪᠦᠷᠢᠨ ᠪᠦᠳᠤᠨ ᠴᠤᠭᠴᠠ ᠪᠣᠯᠭᠠᠨ ᠪᠦᠷᠢᠯᠳᠦᠭᠦᠯᠵᠤ ᠪᠠᠢ᠌ᠨ᠎ᠠ᠃ ᠭᠡᠳᠡᠯ᠎ᠡ ᠳᠠᠷᠠ ᠠᠭᠤᠯᠭ᠎ᠠ ᠪᠢᠰᠢ᠂ ᠠᠭᠤᠯᠭ᠎ᠠ ᠬᠠᠷᠢᠨ ᠳᠡᠭᠦᠨ ᠶᠢᠡᠷ ᠳᠠᠮᠵᠢᠵᠤ ᠢᠯᠡᠷᠡᠳᠡᠭ᠌᠃ ᠢᠩᠭᠢᠪᠠᠯ ᠰᠠ‍‌ᠶᠢ ᠣᠨᠤᠪᠴᠢᠳᠠᠢ ᠪᠦᠷᠢᠨ ᠪᠦᠳᠤᠨ ᠪᠣᠯᠵᠤ ᠴᠢᠳᠠᠳᠠᠭ᠃ ᠵᠠᠩᠭ᠋ᠠᠷᠴᠢ ᠡᠷᠭᠡᠪᠰᠢ ᠡᠳᠡᠭᠡᠷ ᠠᠮᠠᠨ ᠣᠯᠠᠮᠵᠢᠯᠠᠯ ᠤᠨ ᠵᠠᠭᠪᠣᠷᠴᠢᠯᠠᠯ ᠢ ᠡᠵᠡᠮᠰᠢᠮᠡᠭ᠍ᠴᠡ ᠪᠠᠨ ᠰᠠ‍‌ᠶᠢ 《ᠵᠠᠩᠭ᠋ᠠᠷ》᠊ᠤᠨ ᠠᠭᠤᠯᠭ᠎ᠠ ᠶᠢ ᠭᠡᠯᠡᠵᠤ ᠴᠢᠳᠠᠳᠠᠭ ᠮᠦᠷᠳᠡᠭᠡᠨ ᠪᠣᠰᠤᠳ ᠤᠨ ᠰᠤᠨᠢᠷᠬᠠᠯ ᠢ ᠳᠠᠳᠠᠵᠤ ᠴᠢᠳᠠᠳᠠᠭ᠃ ᠡᠢ᠌ᠮᠤ ᠡᠴᠡ ᠡᠨᠡ ᠭᠡᠪᠰᠢᠮᠡᠯ ᠭᠡᠯᠡᠯᠭᠡ ᠪᠠ ᠳᠤᠤᠯᠢ 《ᠵᠠᠩᠭ᠋ᠠᠷ》ᠬᠤᠶᠠᠷ ᠨᠢᠭᠡ ᠨᠢᠭᠡ ᠡᠴᠡ ᠪᠠᠨ ᠰᠠᠯᠵᠤ ᠴᠢᠳᠠᠬᠤ ᠦᠭᠡᠶ᠃ ᠵᠠᠭᠪᠣᠷᠴᠢᠯᠠᠯ ᠦᠭᠡᠶ ᠳᠤᠤᠯᠢ ᠪᠠᠰᠠ ᠪᠠᠢ᠌ᠬᠤ ᠦᠭᠡᠶ᠂ ᠴᠢᠨᠠᠭᠰᠢᠯᠠᠨ ᠳᠤᠤᠯᠢ ᠶᠢ ᠢᠯᠡᠷᠡᠭᠦᠯᠭᠦ ᠥᠭᠡ ᠭᠡᠯᠡ ᠪᠠᠰᠠ ᠪᠠᠢ᠌ᠬᠤ ᠦᠭᠡᠶ᠃ ᠭᠡᠷᠪᠡ ᠳᠤᠤᠯᠢ ᠦᠭᠡᠶ ᠪᠣᠯ ᠠᠮᠠᠨ ᠣᠯᠠᠮᠵᠢᠯᠠᠯ ᠤᠨ ᠵᠠᠭᠪᠣᠷᠴᠢᠯᠠᠯ ᠪᠠᠢ᠌ᠬᠤᠰᠢ᠂ ᠣᠴᠢᠷ ᠨᠢ᠂ ᠠᠭᠤᠯᠭ᠎ᠠ ᠦᠭᠡᠶ ᠵᠠᠭᠪᠣᠷ ᠭᠡᠳᠡᠭ᠌ ᠵᠥᠪᠭᠡᠨ ᠨᠢᠭᠡ ᠬᠤᠭᠤᠰᠤᠨ ᠣᠬᠠᠭᠳᠠᠬᠤᠨ ᠳᠠᠳᠤᠢ᠂ ᠪᠣᠳᠠᠳᠠᠢ ᠳᠡᠭᠡᠷ᠎ᠡ ᠣᠷᠤᠰᠢᠬᠤ ᠦᠭᠡᠶ᠃ ᠢᠩᠭᠢᠭᠡᠳ ᠰᠠ‍‌ᠶᠢ ᠵᠠᠩᠭ᠋ᠠᠷᠴᠢᠳ ᠡᠨᠡ ᠨᠢᠭᠡ ᠠᠮᠠᠨ ᠣᠯᠠᠮᠵᠢᠯᠠᠯ ᠤᠨ ᠵᠠᠭᠪᠣᠷᠴᠢᠯᠠᠯ ᠢ ᠤᠬᠠᠮᠰᠠᠷᠭᠦᠢ ᠪᠠᠷ ᠡᠵᠡᠮᠰᠢᠭ᠍ᠰᠡᠨ ᠡᠴᠡ ᠭᠡᠳᠤᠨ ᠲᠦᠮᠡᠨ ᠥᠰᠦᠭ᠌ ᠲᠡᠶ 《ᠵᠠᠩᠭ᠋ᠠᠷ》᠊ᠢ ᠠᠮᠠᠷᠬᠠᠨ ᠴᠡᠭᠡᠵᠢᠯᠡᠵᠤ ᠴᠢᠳᠠᠭᠰᠠᠨ ᠪᠦᠭᠡᠳ ᠠᠬᠠᠷ ᠬᠤᠭᠤᠴᠠᠭᠠᠨ ᠳᠤ ᠪᠣᠰᠤᠳ ᠤᠨ ᠭᠡᠯᠡᠭ᠍ᠰᠡᠨ 《ᠵᠠᠩᠭ᠋ᠠᠷ》᠊ᠢ ᠳᠠᠷᠠ ᠳᠤᠤᠷ᠎ᠠ ᠨᠢ ᠡᠷᠭᠢᠭᠦᠯᠵᠤ ᠭᠡᠯᠡᠵᠤ ᠴᠢᠳᠠᠳᠠᠭ ᠤᠨ ᠭᠤᠤᠯ ᠰᠢᠯᠳᠠᠭᠠᠨ ᠡᠭᠦᠨ ᠳᠤ ᠪᠠᠢ᠌ᠳᠠᠭ ᠪᠠᠢ᠌ᠨ᠎ᠠ᠃

ᠡᠢ᠌ᠮᠤ ᠡᠴᠡ ᠡᠷᠳᠡ ᠶᠢᠨ ᠠᠮᠢᠳᠤ ᠰᠤᠶᠤᠯ ᠤᠨ ᠬᠤᠪᠢ ᠪᠠᠷ ᠣᠯᠠᠮᠵᠢᠯᠠᠭᠳᠠᠵᠤ ᠢᠷᠡᠭ᠍ᠰᠡᠨ ᠠᠮᠠᠨ ᠣᠯᠠᠮᠵᠢᠯᠠᠯ ᠶᠢᠡᠨ ᠥᠰᠦᠭ᠌ ᠪᠢᠴᠢᠭ᠌ ᠲᠡᠶ ᠦᠶ᠎ᠡ ᠶᠢᠨ ᠰᠤᠶᠤᠯ ᠡᠴᠡ ᠭᠦᠭ᠍ᠵᠢᠯ ᠤᠨ ᠭᠡᠮᠵᠢᠶ᠎ᠡ ᠪᠠᠷ ᠳᠤᠤᠷ᠎ᠠ ᠰᠤᠶᠤᠯ ᠤᠨ ᠭᠡᠯᠪᠠᠷᠢ ᠭᠡᠵᠤ ᠥᠵᠡᠳᠡᠭ᠌ ᠦᠵᠡᠯᠳᠠ ᠪᠠᠨ ᠳᠠᠶᠠᠭᠳᠠᠵᠤ᠂ 《ᠵᠠᠩᠭ᠋ᠠᠷ》ᠮᠠᠳᠤ ᠶᠢᠨ ᠠᠮᠠᠨ ᠣᠯᠠᠮᠵᠢᠯᠠᠯ ᠤᠨ ᠣᠤᠠᠬ᠎ᠠ ᠰᠠᠨᠠᠭ᠎ᠠ ᠠᠴᠢ ᠬᠤᠯᠪᠣᠭᠳᠠᠯ ᠢ ᠵᠥᠪᠭᠡᠨ ᠳᠸᠺᠰᠲ᠋ ᠡᠴᠡ ᠰᠥᠪᠠᠭ᠍ᠴᠢᠯᠡᠭᠡᠳ ᠪᠣᠯᠬᠤ ᠦᠭᠡᠶ᠂ ᠬᠠᠷᠢᠨ 《ᠵᠠᠩᠭ᠋ᠠᠷ》ᠮᠠᠳᠤ ᠶᠢᠨ ᠠᠮᠠᠨ ᠣᠯᠠᠮᠵᠢᠯᠠᠯ ᠢ ᠣᠯᠠᠮᠵᠢᠯᠠᠨ ᠳᠡᠯᠭᠡᠷᠡᠭᠦᠯᠵᠤ ᠢᠷᠡᠭ᠍ᠰᠡᠨ ᠵᠠᠩᠭ᠋ᠠᠷᠴᠢ ᠶᠢᠨ ᠦᠵᠡᠯᠳᠠ ᠳᠠᠨᠢᠯᠳᠠ ᠶᠢ ᠭᠦᠡᠳᠦᠳᠭᠡᠨ ᠰᠤᠳᠤᠯᠭᠠᠨ ᠳᠠᠭᠠᠨ ᠠᠰᠢᠭᠯᠠᠪᠠᠯ᠂ ᠠᠮᠠᠨ ᠣᠯᠠᠮᠵᠢᠯᠠᠯ ᠤᠨ ᠵᠢᠩᠭᠢᠨᠢ ᠦᠨ᠎ᠡ ᠦᠷᠳᠡᠭ᠌ ᠢ ᠢᠯᠡᠷᠡᠭᠦᠯᠵᠤ ᠴᠢᠳᠠᠨ᠎ᠠ᠃


ᠵᠡᠭᠦᠯᠲᠡ

1᠂ 5᠂ 11᠂ 12᠂ 15᠂ 16 ᠳᠤ᠋·ᠪᠠᠭᠠᠳᠤᠷ 2004 ᠣᠨ ᠤ 2 ᠰᠠᠷ᠎ᠠ ᠶᠢᠨ 9 ᠊ᠤ ᠡᠳᠦᠷ ᠤᠨ ᠦᠳᠡ ᠶᠢᠨ ᠡᠮᠦᠨ᠎ᠡ ᠾᠸᠵᠢᠩ ᠰᠢᠶᠠᠨ ᠤ ᠬᠠᠷᠠᠮᠤᠳᠤᠨ ᠤ ᠵᠥᠭᠡᠯᠡᠨ ᠳᠦᠷᠭᠡᠨ ᠳᠤᠰᠬᠤᠨ ᠳᠤ ᠭᠦᠷᠴᠤ ᠵᠠᠩᠭ᠋ᠠᠷᠴᠢ ᠨᠢᠮ᠎ᠠ ᠶᠢ ᠰᠤᠷᠪᠣᠯᠵᠢᠯᠠᠭᠰᠠᠨ ᠰᠤᠷᠪᠣᠯᠵᠢᠯᠠᠭ᠎ᠠ ᠡᠴᠡ᠃

2᠂ 3᠂ 4᠂ 6᠂ 7᠂ 8᠂ 9᠂ 10᠂ 13᠂ 14᠂ 17᠂ 18᠂ 19 ᠂ 20᠂ 21᠂ 22᠂ 23 《ᠳ·ᠳᠠᠶᠠ ᠶᠢᠨ ᠳ᠋ᠤᠺᠲ᠋ᠤᠷ ᠴᠤᠯᠠ ᠬᠠᠮᠠᠭᠠᠯᠠᠬᠤ ᠥᠭᠦᠯᠡᠯ》 ᠊ᠤᠨ P239᠂ P230᠂ P250᠂ P203᠂ P245᠂ P210᠂ P152᠂ P141᠂ P172᠂ P177᠂ P298 ᠂ P302᠂ P231᠂ P328᠂ P341᠂ P343᠂ P344 — ᠳ᠋ᠤᠭᠡᠷ ᠨᠢᠭᠤᠷ᠃

24᠂ 25 ᠨᠤ᠋·ᠵᠤᠷᠢᠭᠳᠤ 《ᠠᠯᠳᠠᠷᠳᠤ ᠵᠠᠩᠭ᠋ᠠᠷᠴᠢ ᠱ·ᠫᠦᠷᠪᠦᠵᠡᠪ ᠭᠢᠭᠡᠳ ᠳᠡᠭᠦᠨ ᠤ ᠵᠠᠩᠭ᠋ᠠᠷ ᠭᠡᠯᠡᠭᠦ ᠭᠡᠪ ᠨᠠᠮᠪᠠ》᠂ 《ᠤᠢ᠌ᠷᠠᠤᠨ ᠤᠨ ᠰᠤᠳᠤᠯᠤᠯ》 ᠂ 2002 ᠣᠨ ᠤ 3 ᠳ᠋ᠤᠭᠠᠷ ᠬᠤᠭᠤᠴᠠᠭ᠎ᠠ᠂ P60 —61 ᠳ᠋ᠤᠭᠡᠷ ᠨᠢᠭᠤᠷ᠃

26᠂ 29 《ᠵᠠᠩᠭ᠋ᠠᠷ ᠤᠨ ᠣᠤᠠᠬᠤᠨ ᠪᠠᠭᠠᠳᠤᠷ — ᠪᠠᠳᠠᠭᠠᠨ᠎ᠠ ᠪᠠᠭᠠᠳᠤᠷ ᠮᠠᠩᠭ᠋ᠤᠰ ᠤᠨ ᠣᠷᠤᠨ ᠤ ᠳᠠᠮᠤᠷ ᠪᠦᠰᠡᠳᠤ ᠶᠢᠨ ᠡᠷᠡᠭᠦᠤ ᠶᠤᠪᠤᠨ ᠣᠯᠠᠭᠠᠨ ᠢ ᠳᠠᠷᠤᠭᠰᠠᠨ ᠪᠦᠯᠦᠭ᠌》 ᠂ 《ᠵᠠᠩᠭ᠋ᠠᠷ ᠤᠨ ᠡᠭᠢ ᠮᠠᠲ᠋ᠸᠷᠢᠶᠠᠯ 2》 (ᠲ᠋ᠤᠳᠤ ᠭᠡᠪᠯᠡᠯ)᠂ ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ᠂ P80 ᠂ P400 ᠳ᠋ᠤᠭᠠᠷ ᠨᠢᠭᠤᠷ᠃

27᠂ 28 ᠪᠣ·ᠮᠥᠩᠭᠡ 《ᠡᠡᠯᠳᠡᠷᠳᠤ ᠵᠠᠩᠭ᠋ᠠᠷᠴᠢ ᠵᠠ᠊·ᠵᠤᠤᠨᠢ ᠭᠢᠭᠡᠳ ᠳᠡᠭᠦᠨ ᠤ ᠭᠡᠯᠡᠭ᠍ᠰᠡᠨ ᠵᠠᠩᠭ᠋ᠠᠷ ᠤᠨ ᠦᠪᠡᠷᠮᠢᠴᠠ ᠰᠢᠠᠵᠢ ᠶᠢᠨ ᠳᠤᠬᠠᠢ》᠂ 《ᠭᠡᠯᠡ ᠪᠠ ᠣᠷᠴᠢᠭᠤᠯᠭ᠎ᠠ》᠂ 1999 ᠣᠨ ᠤ 2 ᠳ᠋ᠤᠭᠠᠷ ᠬᠤᠭᠤᠴᠠᠭ᠎ᠠ᠂ P22᠂ P23 ᠳ᠋ᠤᠭᠠᠷ ᠨᠢᠭᠤᠷ᠃

30 ᠳᠤ᠋·ᠪᠠᠭᠠᠳᠤᠷ᠄ 2004 ᠣᠨ ᠤ 2 ᠰᠠᠷ᠎ᠠ ᠶᠢᠨ 13 ᠤ ᠡᠳᠦᠷ ᠤᠨ ᠦᠳᠡ ᠶᠢᠨ ᠡᠮᠦᠨ᠎ᠡ ᠵᠠᠩᠭ᠋ᠠᠷᠴᠢ ᠨᠢᠮ᠎ᠠ ᠡᠴᠡ ᠰᠢᠩᠭᠡᠭᠡᠭ᠍ᠰᠡᠨ 《ᠬᠤᠩᠭ᠋ᠤᠷ ᠤᠨ ᠭᠡᠷ ᠠᠪᠣᠯᠭ᠎ᠠ ᠶᠢᠨ ᠪᠦᠯᠦᠭ᠌》 ᠊ᠤᠨ ᠰᠢᠩᠭᠡᠭᠡᠯᠳᠡ ᠡᠴᠡ᠃

31᠂ 32᠂ 33᠂ 34 ᠨᠠᠰᠤᠠᠪᠠᠶᠠᠷ᠄ 《ᠠᠮᠠᠨ ᠣᠯᠠᠮᠵᠢᠯᠠᠯ ᠤᠨ ᠰᠤᠶᠤᠯ ᠤᠨ ᠦᠷᠳᠡᠭ᠌ ᠤᠨ ᠳᠤᠬᠠᠢ》᠂ 《ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ》᠂ 2001 ᠣᠨ ᠤ 4 ᠳ᠋ᠤᠭᠡᠷ ᠬᠤᠭᠤᠴᠠᠭ᠎ᠠ᠂ P28 — P32 ᠳ᠋ᠤᠭᠠᠷ ᠨᠢᠭᠤᠷ᠃

35᠂ 36 张越 《中唱现成故事᠂ 新疆传统史诗》 《ᠤᠢ᠌ᠷᠠᠤᠨ ᠰᠤᠳᠤᠯᠤᠯ》᠂ 2005 ᠣᠨ ᠤ 1 ᠳ᠋ᠤᠭᠡᠷ ᠬᠤᠭᠤᠴᠠᠭ᠎ᠠ᠂ P43᠂ P44 ᠳ᠋ᠤᠭᠡᠷ ᠨᠢᠭᠤᠷ᠃


ᠠᠰᠢᠭᠯᠠᠭᠰᠠᠨ ᠨᠤᠮ᠄

美约翰᠂ 迈尔斯᠂ 赤弗著᠂ 朝戈金译 《口头诗学帕里—洛德理论》᠂ 社会科学文献出版社᠃


ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠶᠢᠨ ᠮᠤᠩᠭ᠋ᠤᠯ ᠭᠡᠯᠡ ᠪᠠᠷ ᠺᠢᠨᠤ᠋ ᠳᠸᠯᠸᠢᠰ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠳᠣ᠊·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12116
ᠴᠠᠭ᠄ 2010 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ