ᠨᠡᠪᠲᠡᠷᠡᠨ ᠤᠷᠤᠬᠤ
ᠳᠡᠭ᠍ᠷᠢ ᠠᠭᠤᠯᠠ ᠶᠢᠨ ᠮᠥᠩᠭᠡ ᠨᠠᠷᠠᠰᠤ

ᠲᠦᠮᠡᠨ ᠣᠨ ᠤ ᠪᠠᠢ᠌ᠭᠠᠯᠢ ᠶᠢᠨ ᠭᠠᠢ᠌ᠬᠠᠮᠰᠢᠭ

ᠳᠡᠭ᠍ᠷᠢ ᠠᠭᠤᠯᠠ ᠭᠦᠭᠡᠷᠡᠨ ᠰᠦᠨᠳᠠᠷᠯᠠᠨ᠎ᠡ

ᠳᠡᠭᠦᠨ ᠤ ᠳᠡᠭᠡᠷ᠎ᠡ ᠦᠵᠡᠮᠤᠷᠢ ᠨᠠᠮᠠᠵᠤ

ᠮᠥᠩᠭᠡ ᠨᠠᠷᠠᠰᠤ ᠰᠥᠭᠯᠡᠢ᠌ᠨ ᠨᠤᠭᠤᠭᠠᠷᠠᠨ᠎ᠠ

ᠳᠡᠭ᠍ᠷᠢ ᠠᠭᠤᠯᠠ ᠶᠢ ᠬᠤᠴᠢᠵᠤ ᠣᠷᠭᠤᠭᠰᠠᠨ

ᠳᠠᠪᠠᠷᠢ ᠪᠦᠳᠦᠭᠦᠨ ᠮᠥᠩᠭᠡ ᠨᠠᠷᠠᠰᠤ

ᠳᠡᠷᠯᠢᠭ᠌ ᠤᠨ ᠣᠷᠳᠤ ᠨᠤᠭᠤᠭᠠᠨ ᠬᠤᠷᠮᠤᠢ ᠰᠢᠭ

ᠳᠡᠷᠳᠡᠭᠡ ᠬᠤᠯᠠ ᠡᠴᠡ ᠳᠤᠯᠭᠢᠶᠠᠯᠠᠵᠤ ᠬᠠᠷᠠᠭᠳᠠᠨ᠎ᠠ

ᠡᠪᠦᠯ ᠵᠤᠨ ᠦᠭᠡᠶ ᠦᠪᠴᠢ ᠨᠤᠭᠤᠭᠠᠨ

ᠮᠥᠩᠭᠡ ᠨᠠᠷᠠᠰᠤ ᠥᠩᠭᠡ ᠪᠠᠷ ᠶᠢᠡᠨ ᠭᠠᠢ᠌ᠬᠠᠭᠳᠠᠨ᠎ᠠ

ᠡᠭ᠍ᠴᠡ ᠬᠠᠳᠠᠨ ᠳᠤ ᠰᠥᠷᠯᠢᠭ᠌ ᠪᠣᠰᠤᠭ᠎ᠠ

ᠮᠥᠩᠭᠡ ᠨᠠᠷᠠᠰᠤ ᠴᠢᠨᠠᠷ ᠶᠢᠡᠷ ᠶᠢᠡᠨ ᠪᠢᠰᠢᠷᠡᠭ᠍ᠳᠡᠨ᠎ᠡ

ᠰᠠᠬᠤᠯᠢᠭ ᠦᠨᠳᠦᠰᠦ ᠨᠢ ᠬᠠᠳᠠᠨ ᠳᠤ ᠬᠠᠳᠬᠤᠵᠤ

ᠰᠠᠯᠠᠭ᠎ᠠ ᠨᠠᠮᠠᠭ᠎ᠠ ᠨᠢ ᠳᠡᠭ᠍ᠷᠢ ᠵᠥᠭᠯᠡᠨ᠎ᠡ

ᠰᠠᠯᠭᠢᠨ ᠳᠤ ᠴᠤᠭᠢᠭᠳᠠᠨ ᠪᠣᠷᠤᠭᠠᠨ ᠳᠤ ᠳᠡᠪᠳᠦᠭ᠍ᠰᠡᠨ ᠴᠤ

ᠰᠠᠷᠪᠠᠢ ᠮᠦᠴᠢᠷ ᠨᠢ ᠰᠠᠭᠰᠠᠢ᠌ᠭᠰᠠᠨ ᠭᠡᠪ ᠶᠢᠡᠷ ᠵᠢᠠᠨ

ᠨᠠᠪᠴᠢ ᠨᠠᠮᠠᠭ᠎ᠠ ᠨᠢ ᠵᠤᠯᠭᠠᠷᠠᠵᠤ ᠣᠨᠠᠬᠤ ᠥᠭᠡᠢ

ᠨᠠᠮᠤᠷ ᠪᠣᠯᠤᠭᠰᠠᠨ ᠴᠤ ᠰᠢᠷᠠᠯᠠᠵᠤ ᠬᠠᠳᠠᠬᠤ ᠥᠭᠡᠢ

ᠨᠠᠷᠠᠨ ᠳᠤ ᠰᠢᠷᠠᠭᠳᠠᠨ ᠴᠠᠰᠤᠨ ᠳᠤ ᠳᠠᠷᠤᠭᠳᠠᠭᠰᠠᠨ ᠴᠤ

ᠨᠠᠮᠠᠭ᠎ᠠ ᠮᠦᠴᠢᠷ ᠨᠢ ᠨᠤᠭᠤᠭᠠᠷᠠᠭᠰᠠᠨ ᠭᠡᠪ ᠶᠢᠡᠷ ᠵᠢᠠᠨ

ᠰᠢᠳᠠᠮ᠎ᠠ ᠬᠠᠯᠠᠭᠤᠨ ᠡᠴᠡ ᠠᠶᠤᠬᠤ ᠥᠭᠡᠢ

ᠳᠠᠰᠭᠢᠮ᠎ᠠ ᠭᠦᠢᠳᠡᠨ ᠡᠴᠡ ᠰᠥᠷᠳᠡᠭᠦ ᠥᠭᠡᠢ

ᠳᠡᠭ᠍ᠷᠢ ᠠᠭᠤᠯᠠ ᠶᠢᠨ ᠮᠥᠩᠭᠡ ᠨᠠᠷᠠᠰᠤ

ᠳᠠᠰᠪᠣᠷᠢ ᠬᠠᠳᠠᠭᠤᠵᠢᠯ ᠤᠨ ᠪᠠᠯᠭᠡ ᠳᠡᠮᠳᠡᠭ᠌


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ