ᠨᠡᠪᠲᠡᠷᠡᠨ ᠤᠷᠤᠬᠤ
ᠨᠢᠯᠪᠣᠰᠤ ᠬᠤᠷᠮᠣᠢ᠌ᠳᠠᠬᠤ ᠦᠨᠦᠴᠢᠨ ᠪᠣᠳᠤᠯ

ᠳᠡᠷᠯᠢᠭ᠌ ᠤᠨ ᠡᠩᠭᠡᠷ ᠴᠠᠭᠠᠨ ᠡᠩᠭᠡᠷ ᠡᠴᠡ

ᠳᠡᠷᠭᠡᠯᠰᠢᠭᠡ ᠦᠭᠡᠶ ᠰᠠᠷᠠᠨ ᠪᠣᠳᠤᠯ ᠬᠤᠮᠢᠵᠤ ᠡᠷᠭᠢᠳᠡᠭ᠌

ᠳᠡᠯᠡᠭᠡᠢ ᠶᠢᠨ ᠵᠠᠷᠯᠢᠭ ᠡᠴᠨ ᠵᠥᠷᠢᠴᠡᠭᠡ ᠦᠭᠡᠶ ᠭᠤᠨᠢᠭ

ᠳᠡᠭᠡᠪᠦᠷ ᠤᠨ ᠭᠦᠭᠡ ᠨᠠᠢ᠌ᠷᠠᠭ ᠶᠢᠡᠷ ᠭᠢᠯᠢᠰᠳᠡᠭ᠍ᠰᠡᠨ ᠴᠣᠢ᠌ᠨᠤᠮ᠃

ᠴᠢᠩᠭᠢᠰ ᠵᠤᠷᠢᠭ ᠣᠶᠠᠩᠭ᠋ᠠᠷᠠᠭᠤᠯᠬᠤ ᠦᠵᠦᠮᠤᠴᠢᠨ ᠤ ᠨᠡᠭᠦᠳᠡᠯ

ᠴᠢᠭ᠍ᠯᠡᠯ ᠳᠡᠦᠭᠡ ᠪᠠᠨ ᠥᠯᠡᠳᠡᠭᠡᠭ᠍ᠰᠡᠨ ᠦᠭᠡᠶ 《ᠨᠢᠭᠤᠴᠠ ᠳᠤᠪᠴᠢᠶᠠᠨ》᠂

ᠴᠢᠩ ᠢᠳᠡᠭᠡᠯ ᠤᠨ ᠠᠷᠢᠭᠤᠨ ᠰᠡᠳᠭᠢᠯ ᠡᠴᠡ ᠰᠤᠪᠣᠷᠠᠬᠤ ᠨᠢᠯᠪᠣᠰᠤ

ᠴᠡᠭᠡᠷ ᠡᠴᠡ ᠡᠰᠡ ᠮᠤᠯᠳᠤᠷᠠᠬᠤ ᠨᠠᠢ᠌ᠷᠠᠭᠴᠢ ᠶᠢᠨ ᠳᠠᠴᠢᠶᠠᠯ᠃

ᠬᠠᠩᠭ᠋ᠠᠢ ᠶᠢᠨ ᠳᠤᠮᠤᠭ ᠠᠷᠢᠭᠢᠨ ᠪᠠᠭᠠᠳᠤᠷ ᠲᠤ ᠬᠤᠪᠢᠳᠠᠬᠤ ᠥᠭᠡᠢ

ᠬᠠᠮᠤᠭ ᠮᠤᠩᠭ᠋ᠤᠯ ᠤᠨ ᠮᠥᠭᠦᠯ ᠭᠢᠳᠠᠤᠨ ᠤᠨ ᠮᠠᠩᠬᠠᠨ ᠡᠴᠡ ᠬᠤᠯᠠᠳᠠᠬᠤ ᠥᠭᠡᠢ

ᠬᠠᠳᠤᠨ ᠽᠡᠮᠪᠦᠯᠢᠩ ᠤᠨ ᠦᠨᠦᠴᠢᠨ ᠨᠢᠯᠪᠣᠰᠤ ᠲᠡᠶ ᠨᠠᠢ᠌ᠷᠠᠭ

ᠬᠠᠮᠢᠭ᠎ᠠ ᠡᠴᠡ ᠴᠤ ᠣᠯᠳᠠᠭ᠎ᠠ ᠦᠭᠡᠶ ᠴᠢᠩᠭᠢᠰ ᠤᠨ ᠪᠣᠯᠠᠰᠢᠨ ᠤ ᠭᠦᠦᠷᠨᠢᠯ᠃

ᠭᠠᠯᠪᠠ ᠳᠠᠭᠠᠨ ᠳᠡᠪᠠᠷᠢᠭ᠍ᠳᠡᠭᠦ ᠳᠤᠷᠭᠠᠨ ᠭᠡᠯᠡ ᠮᠢᠨᠢ

ᠭᠠᠷ ᠡᠴᠡ ᠠᠯᠳᠠᠷᠠᠵᠤ ᠣᠨᠠᠭ᠎ᠠ ᠦᠭᠡᠶ ᠳᠠᠮᠠᠭ᠎ᠠ ᠪᠠᠢ᠌ᠭᠰᠠᠨ᠃

ᠭᠠᠵᠠᠷ ᠤᠨ ᠰᠢᠮ᠎ᠠ ᠢᠪᠠᠭᠡᠭᠦ ᠬᠤᠷ᠎ᠠ ᠶᠢᠨ ᠰᠠᠨᠠᠭ᠎ᠠ

ᠭᠠᠵᠢᠭᠤ ᠡᠴᠡ ᠳᠦᠷᠦᠭᠡ ᠦᠭᠡᠶ ᠦᠨᠡᠨ ᠶᠤᠰᠤ ᠪᠠᠢ᠌ᠭᠰᠠᠨ᠃

ᠨᠢᠯᠪᠣᠰᠤ ᠬᠤᠷᠮᠣᠢ᠌ᠳᠠᠬᠤ ᠦᠨᠦᠴᠢᠨ ᠪᠣᠳᠤᠯ

ᠨᠢᠭᠦᠯ ᠪᠣᠶᠠᠨ ᠤ ᠠᠯᠢ ᠨᠢ ᠪᠠᠢ᠌ᠭ᠎ᠠ ᠶᠢ ᠪᠢ ᠮᠡᠳᠡᠭᠡ ᠥᠭᠡᠢ

ᠨᠠᠳᠠᠳᠤ ᠭᠡᠯᠡᠭᠡᠳ ᠦᠭ‍ᠭᠦ ᠭᠦᠮᠤᠨ ᠪᠠᠢ᠌ᠳᠠᠭ ᠪᠣᠯ

ᠨᠠᠰᠤᠨ ᠤ ᠬᠤᠷᠤᠮ ᠶᠢᠡᠷ ᠳᠠᠪᠢᠯᠠᠩ ᠭᠡᠯᠭᠢᠵᠤ ᠨᠥᠭᠦᠷᠯᠡᠭᠦ ᠴᠤ ᠶᠤᠮᠰᠠᠨ᠃

ᠭᠤᠷᠮᠤᠰᠤᠨ ᠬᠤᠷᠸ᠎ᠠ ᠶᠢᠨ ᠶᠢᠡᠨ ᠬᠠᠳᠠᠪᠴᠢᠨ ᠳ᠋ᠤᠨᠢ

ᠭᠤᠨᠢᠭ ᠡᠪᠦᠷᠯᠡᠵᠤ ᠪᠢ ᠢᠷᠡᠭᠡ ᠦᠭᠡᠶ ᠴᠤ

ᠴᠢᠩᠭᠢᠰ ᠠᠳᠬᠤᠨ ᠳᠠᠭᠠᠨ ᠨᠦᠵᠢ ᠲᠡᠶ ᠢᠷᠡᠭ᠍ᠰᠡᠨ

ᠴᠣᠢ᠌ᠨᠤᠮ ᠳ᠋ᠸᠪᠠᠵᠠᠨ ᠳᠠᠭᠠᠨ ᠭᠢᠯᠢᠰ ᠲᠡᠶ ᠪᠣᠴᠠᠭᠰᠠᠨ᠃

ᠣᠭᠢᠯᠠᠵᠤ ᠢᠷᠡᠭᠡᠳ ᠣᠭᠢᠯᠠᠭᠤᠯᠵᠤ ᠪᠣᠴᠠᠳᠠᠭ ᠳᠠᠮᠴᠠᠯ ᠤᠨ ᠵᠠᠢ ᠳ᠋ᠤ

ᠣᠩᠭ᠋ᠤᠳ ᠶᠢᠡᠷ ᠥᠵᠦᠭ᠌ ᠶᠢᠡᠨ ᠮᠤᠬᠤᠭᠠᠵᠤ ᠪᠠᠢ᠌ᠨᠠᠮ᠂

ᠠᠮᠢᠳᠤᠷᠠᠨ ᠣᠷᠤᠰᠢᠬᠤ ᠮᠤᠩᠭ᠋ᠤᠯ ᠣᠷᠤᠨ ᠤ ᠮᠢᠨᠢ

ᠠᠳᠠᠷ ᠨᠢ ᠠᠯᠳᠠ ᠪᠣᠯᠤᠭᠠᠤᠨ ᠬᠤᠪᠢᠯᠴᠢᠬᠠᠭᠰᠠᠨ ᠨᠢ ᠦᠨᠡᠨ᠃

ᠨᠢᠯᠪᠣᠰᠤ ᠬᠤᠷᠮᠣᠢ᠌ᠳᠠᠬᠤ ᠦᠨᠦᠴᠢᠨ ᠪᠣᠳᠤᠯ

ᠨᠢᠷᠭᠡᠯ ᠦᠭᠡᠶ ᠣᠬᠠᠭᠠᠨ ᠤ ᠮᠢᠨᠢ ᠴᠢᠯᠦᠭᠡᠳᠤ ᠡᠰᠡᠷᠸ᠎ᠡ᠃


2007.12.6

ᠵᠤᠬᠢᠶᠠᠭᠴᠢ᠄ ᠪᠣᠷᠵᠢᠭᠢᠨ ᠢ᠊·ᠦᠯᠵᠡᠢ᠌ᠳᠤᠭᠳᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2875
ᠴᠠᠭ᠄ 2009 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ