☆ ᠠ᠊·ᠤᠳᠬᠤᠠᠪᠠᠶᠠᠷ
ᠭᠤᠪᠢ ᠶᠢᠨ ᠨᠠᠷᠠ ᠤᠢ᠌ᠷᠠᠬᠠᠨ ᠵᠢᠷᠭᠠᠨ᠎ᠠ
ᠪᠠᠢ᠌ᠭᠠᠯᠢ ᠠᠮᠢᠳᠤᠷᠠᠯ ᠤᠨ ᠶᠢᠡᠨ ᠣᠷᠠᠨ ᠳᠠᠷᠬᠠᠨ ᠬᠠᠤᠯᠢ ᠵᠢᠮ᠎ᠠ ᠪᠠᠷ ᠭᠦᠮᠤᠨ ᠤ ᠳᠡᠭᠡᠳᠤ ᠭᠤᠸ᠎ᠠ ᠠᠷᠠᠠᠰᠢᠨ ᠢ ᠱᠤᠭᠤᠵᠤ ᠶᠠᠪᠣᠭᠰᠠᠨ ᠨᠤᠳᠤᠭ ᠤᠨ ᠮᠢᠨᠢ ᠳᠤᠮᠤᠭᠠᠳᠠᠤᠨ ᠣᠨ ᠵᠢᠯ ᠤᠨ ᠭᠡᠴᠡᠭᠦᠤ ᠶᠦᠷᠭᠡᠭᠡᠨ ᠳᠤ ᠨᠠᠰᠤ ᠣᠬᠠᠭᠠᠨ ᠨᠢ ᠡᠯᠡᠭ᠍ᠳᠡᠵᠤ ᠳᠠᠭᠤᠰᠴᠢᠬᠠᠯ᠎ᠠ ᠭᠦᠭᠡᠷᠦᠭᠦᠢ ︕
ᠰᠤᠶᠤᠯ ᠠᠯᠪᠠ ᠶᠢᠨ ᠮᠦᠷ ᠭᠦᠭᠡᠭᠡᠵᠤ ᠬᠤᠷᠢᠭᠠᠤᠨ ᠵᠢᠯ ᠶᠠᠪᠣᠯ᠎ᠠ᠃ ᠣᠯᠠᠷᠢᠯ ᠳᠠᠭᠠᠭᠰᠠᠨ ᠨᠡᠭᠦᠳᠡᠯ ᠤᠨ ᠰᠢᠪᠠᠭᠤᠳ ᠰᠢᠭ ᠭᠦᠮᠤᠨ ᠤ ᠭᠠᠵᠠᠷ ᠳᠦᠭᠡᠷᠢᠵᠤ ᠳᠠᠨᠤᠵᠤ ᠶᠠᠪᠣᠨ᠎ᠠ ᠭᠡᠳᠡᠭ᠌ ᠬᠠᠳᠠᠭᠤ ᠠᠵᠤ ᠡ ︕
ᠥᠩᠭᠡᠷᠡᠤ ᠣᠨ ᠣᠳᠠᠭᠰᠠᠨ ᠭᠡᠯᠡ ᠴᠤ ᠰᠡᠳᠭᠢᠯ ᠳᠤ ᠮᠢᠨᠢ ᠬᠤᠷᠭᠤᠳᠠᠵᠤ ᠬᠤᠴᠤᠷᠤᠭᠰᠠᠨ ᠬᠡᠦᠬᠡᠳ ᠪᠠᠭ᠎ᠠ ᠨᠠᠰᠤ ᠪᠠᠨ᠂ ᠭᠦᠳᠦᠰᠤᠨ ᠳᠠᠪᠠᠯ ᠳᠤ ᠦᠷᠦᠭᠡᠯᠳᠦᠭᠦᠯᠤᠨ ᠢᠵᠢᠯᠭᠡᠨ ᠳᠡᠭᠡᠨ ᠥᠰᠦᠭ᠍ᠰᠡᠨ ᠣᠨᠠᠭᠠᠨ ᠨᠠᠢ᠌ᠵᠠ ᠢᠷᠭᠤᠢ ᠪᠠ ᠭᠦᠮᠤᠨ ᠤ ᠨᠤᠳᠤᠭ ᠲᠤ ᠶᠠᠷᠤ ᠲᠤᠬᠢᠶᠠᠯᠳᠤᠭ᠎ᠠ ᠦᠭᠡᠶ ᠭᠡᠮᠡᠷ ᠳᠠᠰᠤᠯᠬᠠᠨ ᠪᠣᠳᠤᠭᠳᠠᠭᠤᠯᠳᠠᠭ ᠠᠭᠤᠯᠠ ᠳᠠᠢ᠌ᠭ᠎ᠠ᠂ ᠣᠰᠤ ᠪᠣᠯᠠᠭ᠂ ᠨᠠᠯᠠᠭᠠᠷ ᠵᠤᠨ ᠤ ᠴᠡᠴᠡᠭ᠍ᠳᠤ ᠳᠠᠠᠵᠢ ᠠᠯᠢ ᠡᠰᠡᠭᠦᠯ᠎ᠡ ᠠᠭᠠᠷᠴᠠ ᠬᠤᠪᠢᠳᠠᠭᠤᠯᠳᠠᠭ ᠠᠢ᠌ᠯ ᠤᠨ ᠮᠢᠨᠢ ᠶᠠᠩᠵᠢᠮ᠎ᠠ ᠡᠮᠧ ᠁ ᠭᠡᠵᠤ ᠥᠭᠡᠢ᠌ᠯᠡᠭᠦ ᠡᠴᠠ ᠵᠠᠮ ᠤᠨ ᠦᠨᠦᠴᠢᠨ ᠴᠢᠯᠠᠭᠤ ᠰᠢᠭ ᠭᠠᠭᠴᠠᠭᠠᠷ ᠶᠢᠡᠨ ᠭᠤᠩᠰᠣᠢ᠌ᠵᠤ᠂ ᠭᠦᠳᠥᠢᠵᠤ ᠯᠠ ᠶᠠᠪᠣᠯ᠎ᠠ᠃
ᠠᠵᠢᠯ ᠠᠯᠪᠠ ᠶᠢᠨ ᠠᠵᠠ ᠲᠤᠬᠢᠶᠠᠯ ᠳᠠᠭᠠᠷᠠᠵᠤ ᠨᠤᠳᠤᠭ ᠲᠠᠭᠠᠨ ᠪᠣᠴᠠᠬᠤ ᠶᠢᠨ ᠠᠶᠠᠨ ᠭᠦᠭᠡᠭᠡᠵᠤ ᠰᠤᠮᠤᠨ ᠲᠦᠪ ᠲᠤ ᠭᠦᠷᠦᠭᠡᠳ ᠰᠤᠷᠠᠭᠯᠠᠪᠠᠯ᠄
᠊᠊᠊᠊᠊᠊᠊᠊᠊᠊᠊᠊᠊᠊᠊ ᠶᠠᠩᠵᠢᠮ᠎ᠠ ᠶᠢᠨ ᠭᠡᠭᠦ ᠡᠴᠠ ᠳ᠋ᠡ᠂ ᠭᠦᠭᠡᠷᠦᠭᠦᠢ ᠨᠠᠰᠤᠳᠠᠨ ᠣᠵᠤᠭᠤᠷ ᠵᠢᠯᠡᠢ᠌ᠭ᠍ᠴᠢ ᠪᠣᠯᠴᠢᠬᠠᠭᠰᠠᠨ᠂ ᠬᠠᠷᠢᠨ ᠭᠠᠭᠴᠠ ᠭᠡᠦᠭᠡᠨ ᠢᠷᠭᠤᠢ ᠶᠢᠨ ᠭᠢᠨᠢ ᠭᠡᠵᠤ ᠬᠣᠢ᠌ᠮᠤᠷ ᠳᠦᠭᠦᠷᠡᠩ ᠠᠮᠢᠳᠤᠷᠠᠯ ᠲᠡᠶ ᠠᠢ᠌ᠯ ᠪᠣᠰᠬᠠᠴᠢᠬᠠᠭᠠᠤᠨ ᠮᠦᠨ ᠯᠠ ᠰᠢᠷᠭᠤᠯᠵᠢ ᠶᠢᠨ ᠭᠤᠤᠯ ᠤᠨ ᠪᠠᠷᠠᠭᠤᠨ ᠳᠠᠠᠵᠢᠨ ᠳᠤ ᠣᠨᠠᠭᠠᠳᠤ ᠳᠠᠭᠠᠨ ᠵᠤᠰᠠᠵᠤ ᠪᠣᠢ ᠭᠡᠰᠡᠨ ᠬᠠᠯᠠᠭᠤᠨ ᠰᠤᠷᠠᠭ ᠶᠢᠡᠷ ᠳᠠᠳᠠᠨᠠᠢ᠌ᠭᠢᠨ ᠤ ᠵᠤᠰᠠᠭᠠᠯ ᠢ ᠵᠥᠭᠯᠡᠭᠦ ᠪᠠᠷ ᠰᠣᠢ᠌ᠤᠨ ᠮᠠᠨᠠᠨ ᠪᠣᠯᠤᠯ᠎ᠠ᠃
ᠭᠤᠪᠢ ᠨᠤᠳᠤᠭ ᠲᠠᠭᠠᠨ ᠦᠨᠳᠦᠷ ᠨᠢ ᠭᠡᠮᠡᠷᠭᠡᠨ ᠰᠠᠨᠠᠭᠳᠠᠭᠤᠯᠬᠤ ᠰᠦᠩ ᠤᠨ ᠳᠠᠪᠠᠭᠠᠨ ᠳᠡᠭᠡᠷ᠎ᠡ ᠭᠠᠷᠴᠤ ᠢᠷᠡᠭ᠍ᠰᠡᠨ ᠶᠢᠡᠨ ᠪᠢ ᠶᠠᠳᠠᠷᠠᠯ ᠳᠠᠮᠠᠤᠯᠠᠯ ᠬᠤᠶᠠᠷ ᠤᠨ ᠶᠢᠡᠨ ᠳᠤᠮᠳᠠ ᠳᠡᠯᠡᠭ᠍ᠳᠡᠭᠦ ᠶᠢᠨ ᠡᠷᠭᠡᠨ ᠳᠤ ᠲᠦᠷ ᠠᠮᠠᠰᠭᠢᠵᠤ ᠰᠠᠭᠤᠯ᠎ᠠ᠃
ᠰᠦᠩ ᠤᠨ ᠳᠠᠪᠠᠭ᠎ᠠ ᠨᠠᠳᠠ ᠳᠤ ᠶᠠᠭᠤᠨ ᠡᠴᠠ ᠴᠤ ᠤᠢ᠌ᠷ᠎ᠡ ᠳᠠᠰᠤᠯᠬᠠᠨ ᠪᠣᠳᠤᠭᠳᠠᠭᠤᠯᠬᠤ ᠨᠢ ᠡ᠃ ᠳᠤᠷᠠᠰᠤᠯ ᠤᠨ ᠣᠯᠠᠨ ᠵᠡᠩᠭ᠍ᠭᠢᠷᠠᠭᠠ ᠮᠢᠨᠢ ᠡ᠊ᠨᠳᠡ ᠯᠠ ᠨᠢᠭᠡ ᠳᠠᠢ᠌ᠯᠤᠭᠳᠠᠬᠤ ᠨᠢ ᠡ ︕
ᠶᠠᠭᠤ ᠶᠠᠭᠤᠨ ᠡᠴᠠ ᠢᠷᠭᠤᠢ ᠪᠢᠳᠠ ᠬᠤᠶᠠᠷ ᠤᠨ ᠪᠠᠭ᠎ᠠ ᠶᠢᠨ ᠡᠪ ᠨᠠᠢ᠌ᠷ ᠮᠢᠨᠢ ᠳᠠᠩᠭ᠋ᠠᠷᠢᠭ ᠳᠠᠰᠤᠷᠠᠴᠢᠬᠠᠬᠤ ᠳᠠᠭᠠᠨ ᠰᠢᠬᠠᠬᠠᠰᠠᠨ ᠭᠦᠭ᠌ ᠤᠨ ᠥᠯᠢᠭᠡᠷ ᠮᠢᠨᠢ ᠰᠡᠳᠭᠢᠯ ᠰᠠᠨᠠᠭᠠᠨ ᠳᠤ ᠭᠢᠯᠠᠰᠤᠭᠠᠤᠨ ᠪᠠᠭᠤᠯ᠎ᠠ ᠁
ᠨᠠᠮ᠎ᠠ ᠶᠢ ᠪᠠᠷᠤᠭ ᠳᠤᠯᠤᠭᠠᠳᠠᠢ ᠪᠠᠢ᠌ᠭᠰᠠᠨ ᠵᠢᠯ ᠶᠠᠩᠵᠢᠮ᠎ᠠ ᠡᠵᠢ ᠶᠢᠨ ᠭᠢ ᠣᠨᠠᠭᠠᠳᠤ ᠳᠤ ᠵᠤᠰᠠᠵᠤ ᠥᠭᠡᠷ ᠳᠡᠷᠭᠡ ᠶᠢᠨ ᠠᠷᠠᠯ ᠤᠨ ᠬᠤᠶᠠᠷ ᠳᠠᠯ᠎ᠠ ᠳᠤ ᠭᠦᠮᠤᠨ ᠤ ᠥᠭᠡᠳᠡᠰᠤ ᠭᠡᠮᠡᠷ ᠬᠤᠶᠠᠷ ᠵᠢᠭᠠᠯ ᠰᠠᠭᠤᠴᠢᠬᠠᠵᠤ ᠣᠰᠤᠨ ᠳᠤ ᠶᠠᠪᠣᠳᠠᠭ ᠪᠠᠢ᠌ᠯ᠎ᠠ᠃ ᠠᠷᠠᠯ ᠳᠤ ᠭᠦᠯᠦᠭ᠍ᠰᠡᠨ ᠳᠠᠯᠢᠭᠤ ᠡᠪᠠᠷᠳᠤ ᠪᠠᠨ ᠱᠠᠯᠠᠪᠳᠠᠵᠤ᠂ ᠪᠠᠷᠠᠳᠠᠭ ᠦᠭᠡᠶ ᠣᠯᠠᠨ ᠥᠭᠡ ᠪᠠᠨ ᠱᠤᠯᠤᠭᠠᠨᠠᠨ ᠶᠠᠪᠣᠵᠤ ᠰᠦᠩ ᠤᠨ ᠳᠠᠪᠠᠭᠠᠨ ᠳᠤ ᠭᠦᠷᠪᠠᠯ ᠠᠷᠠᠯ ᠤᠨ ᠱᠠᠷ ᠶᠢᠡᠨ ᠠᠷᠠᠯ ᠡᠴᠠ ᠨᠢ ᠭᠠᠷᠭᠠᠨ ᠡᠪᠠᠰᠤ ᠬᠠᠵᠠᠯᠠᠭᠤᠯᠵᠤ ᠴᠢᠯᠠᠭᠤᠨ ᠳᠤᠭᠯᠠᠭᠠᠮ ᠶᠢᠡᠷ ᠶᠢᠡᠨ ᠳᠤᠭᠯᠠᠨ᠎ᠠ᠃
ᠣᠳᠤ ᠪᠣᠳᠤᠬᠤ ᠳᠤ ᠬᠡᠦᠬᠡᠳ ᠨᠠᠰᠤᠨ ᠤ ᠰᠤᠨᠢᠭᠤᠴᠢ ᠰᠡᠳᠭᠢᠯ ᠳᠠᠩᠴᠢ ᠣᠢ᠌ᠰᠤᠩᠭ᠋ᠤᠢ ᠪᠠᠢ᠌ᠳᠠᠭ ᠪᠣᠯᠤᠯᠳᠠᠢ᠃ ᠠᠯᠢᠨ ᠴᠢᠮ᠎ᠠ ᠶᠢ ᠯᠠ 《ᠪᠠᠷᠢ》 ᠪᠠᠨ ᠪᠣᠯᠭᠠᠵᠤ ᠪᠠᠢ᠌ᠬᠤ ᠳᠠᠭᠠᠨ᠁ ᠭᠡᠰᠡᠨ ᠪᠣᠳᠤᠯ ᠳᠠᠷᠢᠭᠢᠨ ᠳᠤ ᠮᠢᠨᠢ ᠪᠠᠭᠤᠵᠤ ᠶᠠᠭᠤ ᠭᠡᠨᠡᠭ᠌ ᠴᠤ ᠦᠭᠡᠶ ᠳᠦᠷᠢᠯᠠᠵᠤ᠄
᠊᠊᠊᠊᠊᠊᠊᠊᠊᠊᠊᠊᠊᠊᠊ ᠭᠦᠶᠢ ︕ ᠢᠷᠭᠤᠢ ᠳᠡᠭᠦᠦᠳᠡᠢ᠂ ᠪᠢ ᠳᠤᠮᠤ ᠪᠣᠯᠬᠤᠷ ᠭᠦᠡᠳᠡᠯᠡᠨ ᠬᠤᠰᠢᠭᠤᠨ ᠡᠴᠠ ᠭᠦᠭᠡᠷᠦᠭᠦᠨ ᠪᠠᠷᠢ ᠵᠠᠯᠠᠵᠤ ᠢᠷᠡᠭᠦ ᠪᠠᠷ ᠠᠢ᠌ᠯ ᠣᠰᠤᠨ ᠤ ᠭᠢᠨ ᠮᠢᠨᠢ ᠮᠦᠨ ᠯᠠ ᠡᠨᠡ ᠰᠦᠩ ᠤᠨ ᠳᠠᠪᠠᠭᠠᠨ ᠳᠤ ᠰᠠᠭᠠᠳᠠᠭ ᠳᠤᠰᠴᠤ᠂ ᠰᠦᠩ ᠳᠦᠰᠢᠳᠡᠭ᠌ ᠪᠠᠢ᠌ᠯᠭᠦᠢ ᠳ᠋ᠡ ᠭᠡᠵᠤ ᠮᠡᠷᠭᠡᠯᠡᠪᠡ᠃ (ᠦᠨᠡᠨᠳᠡᠭᠡᠨ ᠴᠤ ᠶᠠᠩᠵᠢᠮ᠎ᠠ ᠡᠵᠢ ᠮᠢᠨᠢ ᠯᠠ ᠬᠠᠶᠠ 《ᠭᠦᠤ ᠮᠢᠨᠢ ᠳᠤᠮᠤ ᠪᠣᠯᠬᠤ ᠪᠠᠷ ᠭᠦᠡᠳᠡᠯᠡᠨ ᠬᠤᠰᠢᠭᠤ ᠡᠴᠠ ᠪᠠᠷᠢ ᠵᠠᠯᠠᠵᠤ ᠭᠦᠭ᠍ᠰᠢᠨ ᠪᠢ ᠭᠦᠯ ᠵᠢᠭᠢᠨ ᠵᠢᠷᠭᠠᠨ᠎ᠠ ᠳ᠋ᠠ》 ᠭᠡᠭᠦ ᠥᠭᠦᠭᠡᠷᠳᠡᠳᠡᠭ᠌ ᠪᠠᠢ᠌ᠭᠰᠠᠨ ᠡᠴᠠ ᠨᠢ ᠮᠢᠨᠤ ᠬᠤᠯᠭᠤᠭᠰᠠᠨ ᠣᠬᠠᠭᠠᠨ ᠯᠠ ᠪᠠᠢ᠌ᠵᠢ ᠯᠠ ᠳ᠋ᠠ)᠃
᠊᠊᠊᠊᠊᠊᠊᠊᠊᠊᠊᠊᠊᠊᠊ ᠴᠢᠮ᠎ᠠ ᠮᠠᠭᠤ ᠨᠢᠰᠤᠩᠬᠠᠢ ᠭᠦᠤ ᠶᠢ ᠭᠡᠨ ᠠᠪᠳᠠᠭ ᠴᠤ ᠪᠢᠯᠠ ᠳ᠋ᠡ ︕ ᠭᠡᠵᠤ ᠢᠷᠭᠤᠢ ᠶᠢᠨ ᠰᠠᠶᠢ ᠰᠠᠶᠢᠬᠠᠨ ᠤ ᠨᠠᠭᠠᠳᠤᠮ ᠤᠨ ᠡᠪ ᠪᠠᠶᠠᠰᠤᠯ ᠨᠢ ᠳᠡᠷᠡᠭᠡᠨ ᠳᠡᠭᠡᠨ ᠰᠠᠷᠨᠢᠴᠢᠬᠠᠵᠤ ᠨᠠᠳᠠ ᠳᠤ ᠭᠡᠴᠡᠭᠦᠷᠭᠡᠭᠦ ᠨᠢ ᠡ ︕
《ᠴᠤᠷ ᠴᠤᠷ ᠭᠡᠭᠦ ᠳᠡᠭᠡᠨ ᠰᠠᠢ᠌ᠨ ᠴᠢ ︕》 ᠭᠡᠵᠤ ᠪᠢ ᠳᠤᠳᠤᠷ᠎ᠠ ᠪᠠᠨ ᠵᠠᠨᠤᠭᠠᠤᠨ ᠨᠤᠬᠠᠢ ᠲᠡᠶ ᠶᠠᠭᠤᠮ᠎ᠠ ᠪᠢᠰᠢᠯᠭᠠᠨ ᠠᠮᠵᠢᠴᠢᠬᠠᠵᠤ ᠳᠠᠢ᠌ᠮᠤ ᠯᠠ ᠡᠶᠡᠳᠡᠭᠦᠨ ᠶᠢᠡᠷ 《ᠭᠦᠶᠢ ︕ ᠠᠭᠤᠯᠠ ᠶᠢᠨ ᠢᠷᠭᠤᠢ ᠪᠦᠷ ᠢᠨᠢᠶᠠᠵᠤ ᠪᠠᠢ᠌ᠳᠠᠯ᠎ᠠ ᠢᠷᠭᠤᠢ ᠳᠡᠭᠦᠤ ᠮᠢᠨᠢ ᠪᠣᠤ ᠠᠭᠤᠷᠯᠠ ᠳ᠋ᠠ ︕ ᠴᠢ ᠣᠰᠤᠨ ᠭᠠᠩ ᠵᠠᠢ᠌ᠳᠠᠯᠠᠴᠢᠬᠠ ᠠᠬ᠎ᠠ ᠨᠢ ᠠᠷᠠᠯ ᠢ ᠣᠷᠤᠭᠰᠢ ᠲᠦᠯᠭᠢᠭᠦ ᠳᠤ ᠯᠠ ᠡᠨᠡ ᠣᠷᠤᠭᠰᠢ ᠱᠤᠤᠭᠢᠭᠠᠤᠨ ᠪᠠᠭᠤᠬᠤ ᠭᠡᠳᠦᠢ ᠴᠤ ᠰᠠᠢ᠌ᠬᠠᠨ ᠶᠤᠮ ᠳ᠋ᠠ ︖ ᠭᠡᠭᠦ ᠪᠠᠷ ᠢᠷᠭᠤᠢ ᠠᠩᠬ᠎ᠠ ᠡᠭᠢᠯᠡᠭᠡᠳ ᠡᠭ᠌ ᠮᠠᠭ ᠭᠡᠰᠡᠨ ᠴᠤ ᠮᠢᠨᠤ ᠭᠡᠳᠦᠭᠡᠨ ᠱᠠᠯᠠᠭ᠎ᠠ ᠶᠢ ᠳᠠᠭᠠᠭᠠᠬᠠᠰᠠᠨ ᠦᠭᠡᠶ ᠣᠰᠤᠨ ᠭᠠᠩ ᠵᠠᠢ᠌ᠳᠠᠯᠠᠨ ᠰᠠᠭᠤᠴᠢᠬᠠᠵᠤ ᠬᠠᠩᠭ᠋ᠠᠢ ᠳᠡᠷᠭᠡ ᠬᠠᠴᠢᠨ ᠴᠤ ᠣᠷᠮᠠᠰᠢᠭᠰᠠᠨ ᠪᠠᠶᠠᠰᠤᠯ ᠢᠳᠡᠭᠡᠯ ᠲᠡᠶ ᠪᠠᠨ ᠬᠠᠮᠳᠤ ᠰᠦᠩ ᠤᠨ ᠳᠠᠪᠠᠭᠠᠨ ᠤ ᠣᠷᠢᠳᠤ ᠣᠷᠤᠭᠤ ᠶᠠᠭᠤ ᠶᠠᠭᠤ ᠦᠭᠡᠶ ᠭᠡᠢ᠌ᠰᠭᠡᠵᠤ ᠪᠠᠭᠤᠯ᠎ᠠ᠃
ᠭᠢᠮᠡᠳᠡᠭᠡᠢ ᠮᠦᠷᠳᠡᠭᠡᠨ ᠠᠶᠤᠮᠠᠳᠠᠭᠠᠢ ᠬᠡᠦᠬᠡᠳ ᠨᠠᠰᠤ ᠳ᠋ᠠ ︕ ᠣᠰᠤ ᠪᠠᠨ ᠳᠡᠭᠡᠭᠡᠳ ᠪᠣᠴᠠᠬᠤ ᠶᠢᠨ ᠳᠤᠯᠤᠭᠠᠢ ᠳᠤ ᠪᠣᠷᠤᠭᠠᠨ ᠳᠤ ᠨᠤᠷᠤᠭᠠᠤᠨ ᠬᠠᠳᠠᠭᠰᠠᠨ ᠳᠠᠭᠢᠶ᠎ᠠ ᠰᠢᠭ ᠬᠤᠷᠪᠣᠢ᠌ᠵᠤ ᠰᠠᠭᠤᠬᠤ ᠢᠷᠭᠤᠢ ᠪᠠᠨ ᠳᠤᠯᠤᠭᠠᠨ ᠣᠪ ᠭᠠᠷᠭᠠᠵᠤ ᠠᠷᠭᠠᠳᠠᠭᠰᠠᠨ ᠴᠤ ᠪᠣᠯᠳᠠᠭ ᠦᠭᠡᠶ ᠭᠡᠷᠡᠭ᠌ ᠡ᠂ 《ᠵᠠᠷᠭᠤ ᠭᠢᠭᠦ》 ᠯᠠ ᠭᠡᠰᠡᠨ ᠭᠠᠭᠴᠠ ᠬᠠᠳᠠᠭᠤ ᠵᠠᠭᠤᠳᠠᠯ ᠳᠤ ᠣᠷᠮ᠎ᠠ ᠵᠤᠷᠢᠭ ᠮᠢᠨᠢ ᠮᠤᠬᠤᠷᠳᠠᠵᠤ 《ᠣᠳᠤ ᠯᠠ ᠶᠠᠩᠵᠢᠮ᠎ᠠ ᠡᠮᠧ ᠶᠢᠨ ᠨᠠᠷᠢᠨ ᠬᠤᠯᠤᠰᠤᠨ ᠰᠢᠷᠭ᠎ᠠ ᠶᠢ ᠵᠠᠢ᠌ᠳᠠᠯᠠᠬᠤ ᠨᠢ ᠡ》 ᠭᠡᠭᠦ ᠡᠴᠠ ᠳᠠᠯᠢᠭᠤ ᠡᠪᠠᠷᠳᠤ ᠱᠠᠷ ᠤᠨ ᠮᠢᠨᠢ ᠠᠯᠬᠤᠳᠠᠯ ᠭᠦᠷᠳᠡᠯ᠎ᠡ ᠣᠯᠠᠮ ᠳᠦᠷᠭᠡᠨ ᠰᠠᠨᠠᠭᠳᠠᠭᠤᠯᠬᠤ ᠶᠢᠨ ᠭᠡᠴᠡᠭᠦᠤ ᠭᠡᠵᠢ ᠡ ︕
《ᠭᠦᠭᠡᠷᠦᠭᠦᠢ ᠬᠤᠶᠠᠷ ᠠᠮᠢᠳᠠᠨ ᠮᠢᠨᠢ ᠴᠢᠳᠠᠯ ᠲᠡᠶ ᠯᠠ ᠪᠣᠯᠵᠤ ᠰᠢᠪ》 ᠭᠡᠳ ᠪᠦᠭᠡᠮ ᠣᠯᠵᠠᠷᠬᠠᠵᠤ ᠣᠭᠳᠤᠬᠤ ᠶᠠᠩᠵᠢᠮ᠎ᠠ ᠡᠵᠢ ᠳᠤ ᠰᠠᠶᠢᠭᠢ ᠢᠷᠭᠤᠢ ᠭᠡᠨᠡᠨ ᠭᠡᠷᠡᠭ᠌ ᠢ ᠮᠢᠨᠢ ᠳᠤᠭᠠᠴᠢᠳᠠᠭ ᠭᠡᠷᠡᠭ᠌ ᠡ᠃ ᠵᠢᠷᠦᠭᠡ ᠪᠠᠨ ᠭᠠᠷ ᠲᠠᠭᠠᠨ ᠪᠠᠷᠢᠭᠠᠤᠨ ᠪᠢ ᠶᠠᠩᠵᠢᠮ᠎ᠠ ᠡᠮᠧ ᠶᠢᠨ ᠵᠠᠩᠳᠤᠷᠬᠤ ᠪᠠᠷ ᠯᠠ ᠭᠤᠳ ᠳᠤᠳᠠᠭᠠᠬᠤ ᠳᠤ ᠪᠠᠯᠡᠭᠡᠨ ᠵᠠᠢ᠌ᠳᠠᠭᠤ ᠯᠠ ᠵᠤᠭᠰᠤᠯ᠎ᠠ᠃
᠊᠊᠊᠊᠊᠊᠊᠊᠊᠊᠊᠊᠊᠊᠊ ᠬᠤᠰᠢᠭᠤ ᠴᠤᠷᠪᠣᠢ᠌ᠬᠤ ᠳᠠᠭᠠᠨ ᠰᠠᠢ᠌ᠨ ᠴᠢ᠂ ᠳᠠᠷᠢᠭᠢ ᠳᠦᠷᠦᠭᠦᠤ ᠦᠭᠡᠶ ᠠᠭᠠᠰᠢᠯᠠᠭᠠᠤᠨ ᠮᠠᠭᠤ ᠦᠨᠦᠴᠢᠨ ᠠᠬ᠎ᠠ ᠪᠠᠨ ᠭᠠᠳᠠᠭᠤᠷᠴᠢᠯᠠᠬᠤ ᠭᠡᠪᠠᠤ ︖ ᠭᠡᠳ ᠶᠠᠩᠵᠢᠮ᠎ᠠ ᠡᠮᠧ ᠶᠠᠭ ᠬᠠᠯᠠᠭᠠᠬᠤ ᠦᠭᠡᠶ ᠬᠠᠳᠠᠭᠤ ᠵᠢᠮᠡᠯᠡᠴᠢᠭᠡᠭᠡᠳ ᠭᠠᠭᠴᠠ ᠮᠠᠭᠤ ᠮᠤᠳᠤᠨ ᠠᠪᠳᠠᠷ᠎ᠠ ᠪᠠᠨ ᠠᠭᠤᠳᠠᠯᠠᠵᠤ ᠭᠡᠳᠤᠨ ᠭᠡᠰᠡᠭ᠌ ᠬᠤᠷᠤᠳ ᠠᠳᠬᠤᠭᠤᠯᠤᠭᠰᠠᠨ ᠨᠢ ᠢᠷᠭᠤᠢ ᠶᠢᠨ ᠮᠢᠨᠢ ᠳᠠᠷᠠ ᠶᠡᠭᠡ ᠭᠤᠮᠤᠳᠠᠯ ᠭᠢᠯᠢᠰᠳᠠᠯ ᠳᠡᠷᠡᠭᠡᠨ ᠳᠡᠭᠡᠨ ᠠᠷᠢᠯᠴᠢᠬᠠᠵᠤ᠂ ᠬᠤᠶᠠᠭᠤᠯᠠ ᠪᠤᠵᠢᠭᠢᠨᠡᠯᠳᠤᠨ ᠭᠠᠷᠴᠤ ᠬᠤᠷᠤᠳ ᠶᠢᠡᠨ ᠭᠡᠮᠢᠯᠡᠨ ᠳᠤᠭᠯᠠᠬᠤ ᠨᠢ ᠳᠠᠷᠠ ᠡ ᠁
ᠳᠡᠷᠡᠭᠦ ᠭᠡᠨᠡᠨ ᠬᠤᠩᠭ᠋ᠤᠷ ᠨᠠᠰᠤ ᠮᠢᠨᠢ ᠭᠡᠵᠢᠶᠡᠨᠢ ᠪᠣᠯᠵᠤ ᠥᠩᠭᠡᠷᠡᠭ᠍ᠰᠡᠨ ᠴᠤ ᠣᠬᠠᠭᠠᠨ ᠳᠤᠢ ᠳᠤ ᠮᠢᠨᠢ ᠥᠭᠡᠢ᠌ᠯᠡᠭ᠍ᠳᠡᠭᠦ ᠶᠢᠨ ᠮᠥᠩᠭᠡ ᠰᠠᠭᠤᠭᠳᠠᠯ ᠥᠯᠡᠳᠡᠭᠡᠭ᠍ᠰᠡᠨ ᠨᠢ ᠬᠠᠰᠢᠯᠠ ᠶᠠᠩᠵᠢᠮ᠎ᠠ ᠡᠮᠧ ᠶᠢᠨ ᠮᠢᠨᠢ ᠊ᠭ᠍ᠬᠢᠷᠳᠦᠵᠤ ᠥᠵᠡᠭᠡ ᠦᠭᠡᠶ ᠡᠵᠢ ᠭᠦᠮᠤᠨ ᠤ ᠴᠠᠢ᠌ᠯᠭᠠᠨ ᠣᠷᠤᠰᠢᠶᠠᠯ ᠬᠠᠢ᠌ᠷ᠎ᠠ ᠯᠠ ᠪᠠᠢ᠌ᠭᠰᠠᠨ ᠡ ︕ ᠶᠠᠩᠵᠢᠮ᠎ᠠ ᠡᠮᠧ ᠮᠢᠨᠢ ᠭᠡᠵᠤ ᠶᠠᠭ ᠦᠭᠡᠶ ᠶᠠᠳᠠᠭᠤᠬᠠᠨ ᠠᠮᠢᠳᠤᠷᠠᠯ ᠲᠡᠶ᠂ ᠠᠯᠢ ᠪᠣᠯᠭᠠᠨ ᠯᠠ 《ᠭᠦᠭᠡᠷᠦᠭᠦᠢ〉 ᠮᠢᠨᠢ ᠭᠡᠵᠤ ᠣᠤᠬᠠᠢ᠌ᠯᠠᠳᠠᠭ᠂ ᠳᠠᠢ᠌ᠮᠤ ᠯᠠ ᠰᠠᠷᠠᠭᠤᠯᠬᠠᠨ ᠳᠤᠳᠤᠷ ᠲᠡᠶ᠂ ᠠᠮᠢᠳᠤᠷᠠᠯ ᠳᠤ ᠣᠷ᠎ᠠ ᠳᠠᠮ ᠲᠡᠶ᠂ ᠦᠨᠦᠴᠢᠨ ᠦᠷᠦᠭᠡᠰᠤᠨ ᠳᠤ ᠦᠷᠤ ᠵᠥᠭᠡᠯᠡᠨ ᠡᠯᠢᠭᠡ ᠡᠮᠳᠡᠯᠡᠭᠦ ᠣᠴᠢᠷ ᠦᠭᠡᠶ ᠭᠢᠯᠠᠷᠠᠭᠰᠠᠨ ᠯᠠ ᠭᠦᠮᠤᠨ ᠶᠠᠪᠣᠯ᠎ᠠ ᠳ᠋ᠠ ︕ ᠳᠡᠭᠡᠭᠦ ᠳᠤ ᠯᠠ ᠦᠨᠦᠴᠢᠨ ᠦᠷᠦᠭᠡᠰᠤᠨ ᠨᠠᠮ᠎ᠠ ᠶᠢ ᠦᠴᠢᠨᠠᠨ ᠵᠢᠯ ᠶᠢᠡᠷ ᠥᠰᠭᠡᠭᠦ ᠳᠡᠭᠡᠨ ᠶᠠᠷᠤ ᠯᠠ ᠭᠠᠳᠠᠨ᠎ᠠ ᠨᠢᠳᠤ ᠪᠠᠷ ᠬᠠᠷᠠᠵᠤ ᠵᠠᠩᠭ᠋ᠤᠤ ᠳᠡᠭᠦᠯᠭᠡᠭ᠍ᠰᠡᠨ ᠦᠭᠡᠶ ᠪᠣᠷᠬᠠᠨ ᠰᠡᠳᠭᠢᠯᠳᠤ ᠁
ᠴᠠᠩᠭ᠋ᠠᠵᠤ ᠬᠠᠳᠠᠭᠠᠤᠨ ᠣᠳᠤᠭ᠎ᠠ ᠣᠷᠭᠢᠮᠠᠷ ᠪᠣᠯᠴᠢᠬᠠᠭᠰᠠᠨ ᠬᠤᠭᠤᠯᠠᠢ ᠪᠠᠨ ᠰᠢᠯᠤᠰᠤ ᠪᠠᠷ ᠶᠢᠡᠨ ᠨᠤᠷᠭᠠᠨ ᠪᠠᠢ᠌ᠵᠤ ᠨᠠᠷᠠ ᠰᠡᠷᠢᠭᠦᠤ ᠣᠷᠤᠬᠤ ᠦᠶ᠎ᠡ ᠪᠠᠷ ᠶᠠᠭᠤ ᠴᠤ ᠭᠡᠰᠡᠨ ᠣᠨᠠᠭᠠᠳᠤ ᠶᠢᠨ ᠵᠤᠰᠠᠭᠠᠯ ᠳᠤ ᠵᠢᠳᠭᠦᠵᠤ ᠭᠦᠷᠦᠯ᠎ᠡ᠃
ᠦᠨᠢᠶᠠᠨ ᠵᠠᠯᠠᠨ ᠳᠡᠭᠡᠷ᠎ᠡ ᠨᠢ ᠰᠢᠭᠤᠳᠬᠠᠨ ᠭᠦᠷᠭᠦ ᠳᠤ ᠰᠥ᠋ ᠰᠠᠭᠠᠯᠢ ᠳᠤ ᠴᠠᠢ᠌ᠷᠠᠭᠰᠠᠨ ᠳᠡᠷᠯᠢᠭ᠌ ᠶᠢᠡᠨ ᠰᠢᠭᠤᠨ ᠦᠨᠢᠶ᠎ᠡ ᠰᠠᠭᠠᠵᠤ ᠰᠠᠭᠤᠭᠰᠠᠨ ᠢᠷᠭᠤᠢ ᠮᠢᠨᠢ ᠭᠦᠯ ᠤᠨ ᠴᠢᠮᠡᠭᠡ ᠪᠠᠷ ᠡᠷᠭᠢᠵᠤ ᠬᠠᠷᠠᠬᠤ ᠳᠠᠭᠠᠨ ᠣᠤᠯᠭ᠎ᠠ ᠠᠯᠳᠠᠨ ᠰᠥ᠋ ᠭᠠᠵᠠᠷ ᠮᠠᠯᠳᠠᠷᠠᠨ ᠭᠤᠪᠢ ᠶᠢᠨ ᠨᠠᠷᠠᠨ ᠳᠤ ᠪᠣᠷᠤᠯᠠᠭᠰᠠᠨ ᠳᠦᠭᠦᠷᠢᠭ᠍ᠭᠡᠨ ᠴᠢᠷᠠᠢ ᠳ᠋ᠤᠨᠢ ᠰᠤᠴᠢᠯ ᠭᠠᠢ᠌ᠬᠠᠯ ᠪᠣᠯᠤᠭᠰᠠᠨ ᠶᠢᠡᠨ ᠴᠠᠭᠠᠨ ᠰᠢᠳᠤ ᠪᠠᠨ ᠭᠠᠷᠭᠠᠨ ᠡᠪᠯᠢᠭ᠍ᠭᠡᠨ ᠢᠨᠢᠶᠡᠮᠰᠦᠭᠯᠡᠵᠤ᠄
《ᠴᠢ᠂ ᠴᠢ ᠪᠠᠢ᠌ᠭᠰᠠᠨ ᠶᠤᠮ ᠦᠦ ︖ ᠠᠬ᠎ᠠ ᠭᠡᠵᠢᠶ᠎ᠡ ᠪᠠᠷ ᠨᠠᠰᠢ ᠵᠥᠭᠯᠡᠭᠡ ᠪᠣᠢ ︖ ᠶᠠᠭᠤᠨ ᠤ ᠴᠢᠮᠡᠭᠡ ᠴᠤ ᠦᠭᠭᠦᠯ ᠦᠭᠡᠶ ︕) ᠭᠡᠵᠤ ᠭᠡᠯᠡᠭᠡᠳ ᠳᠦᠵᠢᠷᠡᠭ᠍ᠰᠡᠨ ᠬᠤᠭᠤᠯᠠᠢ ᠪᠣᠶᠤ ᠪᠠᠶᠠᠷᠯᠠᠯ ᠭᠤᠮᠤᠷᠬᠠᠯ ᠶᠢᠡᠨ ᠢᠵᠢᠯᠭᠡᠨ ᠳᠡᠭᠡᠨ ᠳᠠᠯᠳᠠᠯᠠᠭᠰᠠᠨ ᠨᠢᠳᠤᠨ ᠬᠠᠷᠠᠴᠠ ᠨᠢ ᠨᠠᠳᠠ ᠡᠴᠠ ᠶᠠᠭᠤ ᠨᠢᠭᠡ ᠶᠠᠭᠤᠮ᠎ᠠ ᠨᠡᠭᠡᠵᠤ ᠪᠠᠢ᠌ᠮᠠᠷ ᠴᠤ ᠶᠤᠮ ᠰᠢᠭ ᠰᠠᠨᠠᠭᠳᠠᠯ᠎ᠠ ᠁
ᠵᠢᠷᠭᠤᠭᠠᠨ ᠬᠠᠨ᠎ᠠ ᠲᠡᠶ ᠳᠦᠩᠭᠦᠭᠡᠷ ᠴᠠᠭᠠᠨ ᠭᠡᠷ ᠲᠤ ᠦᠨᠢᠷ ᠦᠳᠭᠡᠨ ᠨᠠᠮᠤᠷ ᠤᠨ ᠥᠩᠭᠡ ᠲᠡᠶ ᠴᠠᠢ᠌ᠯᠠᠵᠤ ᠰᠠᠭᠤᠯ᠎ᠠ᠃
ᠣᠤᠯ ᠨᠢ ᠣᠳᠤᠭᠠᠰᠢᠭᠰᠠᠨ ᠮᠠᠭᠤ ᠥᠮᠦᠭᠡᠷ ᠢᠰᠡᠭᠡᠢ ᠭᠡᠷ ᠲᠤ ᠶᠠᠩᠵᠢᠮ᠎ᠠ ᠡᠵᠢ᠂ ᠢᠷᠭᠤᠢ ᠪᠢᠳᠠ ᠭᠤᠷᠪᠠᠭᠤᠯᠠ ᠬᠤᠪᠢ ᠬᠤᠪᠢᠨ ᠳᠠᠭᠠᠨ ᠪᠦᠭ᠍ᠴᠦᠭᠡᠨᠡᠨ ᠴᠠᠢ᠌ᠯᠠᠳᠠᠭ ᠪᠠᠢ᠌ᠯ᠎ᠠ᠃ ᠶᠠᠩᠵᠢᠮ᠎ᠠ ᠡᠵᠢ ᠮᠢᠨᠢ ᠬᠠᠶᠠ ᠵᠠᠷᠢᠮ ᠳᠠᠭᠠᠨ ᠪᠠᠶ᠎ᠠ ᠡᠷᠭᠢᠵᠤ ᠨᠡᠭᠦᠳᠡᠯ ᠤᠨ ᠭᠡᠯᠡ ᠳᠠᠭᠠᠭᠠᠬᠤ ᠪᠠᠨ ᠭᠡᠳᠥᠢᠨ ᠪᠣᠯᠢᠴᠢᠬᠠᠭᠰᠠᠨ ᠮᠠᠭᠤ ᠬᠠᠷ᠎ᠠ ᠠᠪᠳᠠᠷ᠎ᠠ ᠪᠠᠨ ᠠᠭᠤᠳᠠᠯᠯᠠᠬᠤ ᠪᠠᠷ ᠢᠷᠭᠤᠢ ᠪᠢᠳᠠ ᠬᠤᠶᠠᠷ ᠤᠨ ᠭᠤᠷᠢᠳᠠᠯ ᠭᠦᠳᠡᠯᠭᠦ ᠶᠢᠨ ᠵᠡᠷᠭᠡᠪᠠᠷ ᠭᠡᠳᠤᠨ ᠭᠡᠰᠡᠭ᠌ ᠬᠠᠳᠠᠭᠤ ᠬᠤᠷᠤᠳ ᠪᠢᠳᠠ ᠬᠤᠶᠠᠷ ᠤᠨ ᠠᠯᠠᠭᠠᠨ ᠳᠤ ᠪᠠᠭᠤᠳᠠᠭ ᠪᠠᠢ᠌ᠭᠰᠠᠨ (ᠶᠠᠳᠠᠭᠤᠬᠠᠨ ᠠᠮᠢᠳᠤᠷᠠᠯ ᠲᠡᠶ ᠴᠤ ᠬᠠᠢ᠌ᠷ᠎ᠠ ᠪᠠᠷ ᠪᠠᠶᠠᠨ ᠯᠠ ᠪᠠᠢ᠌ᠵᠠᠢ ᠳ᠋ᠠ) ᠁ ᠪᠢ ᠬᠠᠭᠤᠴᠢᠨ ᠤ ᠵᠣᠢ᠌ᠯ ᠶᠢᠡᠨ ᠥᠭᠡᠢ᠌ᠯᠡᠵᠤ ᠨᠢᠳᠤ ᠳᠤᠭᠤᠷᠢᠭᠤᠯᠤᠨ ᠠᠵᠢᠯᠠ᠃ ᠬᠠᠭᠤᠴᠢᠨ ᠮᠠᠭᠤ ᠠᠪᠳᠠᠷ᠎ᠠ ᠴᠤ ᠣᠷᠤ ᠪᠠᠷ᠎ᠠ ᠦᠭᠡᠶ᠂ ᠬᠠᠷᠢᠨ ᠮᠠᠭᠤ ᠳᠤᠮᠤ ᠬᠤᠯᠤ ᠯᠠ ᠮᠢᠨᠤ ᠡᠮᠤᠨ᠎ᠡ ᠳᠦᠭᠦᠷᠡᠩ ᠨᠠᠢ᠌ᠷᠠᠭ ᠲᠡᠶ ᠱᠤᠤᠭᠢᠵᠤ ᠭᠡᠪᠳᠡᠨ᠎ᠡ᠃ 《ᠮᠠᠭᠤ ᠬᠠᠭᠤᠴᠢᠨ ᠠᠪᠳᠠᠷ᠎ᠠ ᠶᠢ ᠨᠢ ᠪᠣᠯᠤᠭᠰᠠᠨ ᠴᠤ ᠬᠠᠳᠠᠭᠠᠯᠠᠳᠠᠭ ᠦᠭᠡᠶ ᠨᠢ ᠶᠠᠭᠤ ᠶᠤᠮ》 ᠭᠡᠭᠦ ᠵᠥᠭᠡᠯᠡᠨ ᠵᠢᠮᠠᠯᠠᠯ ᠶᠢᠡᠷ ᠢᠷᠭᠤᠢ ᠪᠠᠨ ᠬᠠᠷᠠᠪᠠᠯ ᠪᠢᠳᠠ ᠬᠤᠶᠠᠷ ᠤᠨ ᠬᠠᠷᠠᠴᠠ ᠮᠦᠷᠭᠦᠯᠳᠦᠵᠤ ᠳᠡᠷᠡᠭᠦᠭᠡᠨ ᠳᠡᠭᠡᠨ ᠢᠴᠢᠯ ᠳᠤᠯᠭᠠᠮᠳᠠᠯ ᠪᠣᠯᠵᠠᠭᠠᠯ᠎ᠠ᠃ ᠭᠡᠨ ᠨᠢᠭᠡᠨ ᠡᠴᠠ ᠪᠠᠨ ᠢᠯᠡᠷᠭᠡᠢ ᠵᠠᠢ᠌ᠳᠠᠭᠤ ᠪᠦᠱᠦᠭᠦᠷᠭᠡᠤ ᠳᠡᠭᠡᠭ᠍ᠰᠡᠨ ᠠᠳᠠᠯ᠎ᠠ ᠦᠶ᠎ᠡ ᠦᠶ᠎ᠡ ᠤᠶᠠᠬᠠᠨ ᠵᠥᠭᠡᠯᠡᠨ ᠨᠠᠢ᠌ᠷᠳᠠᠢ ᠬᠠᠷᠠᠴᠠ ᠰᠤᠯᠢᠯᠴᠠᠵᠤ ᠠᠮᠵᠢᠨ᠎ᠠ᠃
᠊᠊᠊᠊᠊᠊᠊᠊᠊᠊᠊᠊᠊᠊᠊ ᠰᠡᠭᠦᠯᠴᠢ ᠶᠢᠨ ᠵᠢᠯ ᠤᠳ ᠲᠤ ᠴᠢ ᠭᠡᠵᠤ ᠭᠠᠵᠠᠷ ᠤᠨ ᠭᠠᠪ ᠲᠤ ᠣᠷᠤᠴᠢᠬᠠᠭᠰᠠᠨ ᠰᠢᠭ ᠰᠤᠷᠠᠭ ᠳᠠᠰᠤᠷᠠᠭᠰᠠᠨ᠂ ᠭᠦᠭᠡᠷᠦᠭᠦᠢ ᠡᠵᠢ ᠮᠢᠨᠢ ᠯᠠ ᠨᠠᠰᠤᠵᠢᠬᠤ ᠳᠤᠳᠤᠮ ᠶᠢᠡᠨ ᠰᠡᠳᠭᠢᠯ ᠤᠨ ᠠᠳᠠ ᠲᠡᠶ ᠪᠣᠯᠴᠢᠬᠠᠭᠰᠠᠨ ᠶᠤᠮ ᠰᠢᠭ ᠴᠢᠨᠤ ᠨᠠᠷᠠ ᠶᠢ ᠯᠠ ᠣᠩᠰᠢᠵᠤ ᠪᠠᠢ᠌ᠳᠠᠭ᠃ ᠨᠠᠩ ᠴᠤ ᠳᠡᠷᠭᠡᠳᠤ ᠵᠢᠨ ᠲ᠋ᠠᠠᠳᠤᠷ ᠭᠤᠸᠠᠢ ᠬᠠᠶᠠ ᠭᠦᠷᠦᠭᠡᠳ ᠢᠷᠡᠭᠦ ᠪᠠᠷ ᠯᠠ ᠴᠢᠮ᠎ᠠ ᠳᠤ ᠪᠡᠯᠡᠳᠭᠡᠭ᠍ᠰᠡᠨ ᠮᠥᠩᠭᠦᠨ ᠪᠠᠭᠠᠪᠣᠷ ᠲᠡᠶ ᠡᠮᠡᠭᠡᠯ ᠢ ᠡᠪᠯᠡᠯᠴᠡᠨ ᠴᠢᠮᠠᠵᠤ᠂ ᠳᠤᠬᠤᠮ ᠬᠠᠪᠢᠰᠤ ᠳ᠋ᠤᠨᠢ ᠡᠮᠢᠶᠡᠷᠢ ᠣᠷᠠᠯᠠᠬᠤ ᠶᠤᠮ ᠭᠡᠳ ᠮᠣᠢ᠌ᠨᠤᠭ ᠬᠤᠷᠤᠭᠤ ᠨᠢ ᠵᠦᠪ ᠵᠠᠷᠤᠭᠳᠠᠬᠤ ᠦᠭᠡᠶ ᠣᠴᠠᠭᠠᠷᠯᠠᠬᠤ ᠳᠠᠭᠠᠨ ᠣᠭᠢᠯᠠᠳᠠᠭ ᠴᠤ ᠪᠠᠢ᠌ᠯ᠎ᠠ ᠰᠢᠤ ︕ ᠳᠠᠠᠳᠤᠷ ᠭᠤᠸᠠᠢ ᠮᠦᠨ ᠯᠠ ᠠᠳᠠᠯᠢ ᠠᠶᠠᠭ᠎ᠠ ᠳᠠᠭᠱᠠ ᠶᠠᠭᠤᠮ᠎ᠠ ᠣᠭᠤᠴᠢᠵᠤ ᠬᠠᠯᠠᠰᠬᠤ ᠪᠠᠷ ᠯᠠ ᠴᠢᠮ᠎ᠠ ᠲᠡᠶ ᠠᠳᠤᠭᠤᠨ ᠣᠳᠤᠷ ᠲᠤ ᠶᠠᠪᠣᠯᠴᠠᠭᠰᠠᠨ ᠶᠢᠡᠨ ᠳᠤᠷᠠᠰᠬᠤ ᠶᠢᠨ ᠳᠤᠭᠠᠯᠠᠩ ᠳᠤ ᠯᠠ ᠶᠤᠸᠠᠮᠪᠣᠤ ᠪᠣᠷᠤ ᠭᠡᠭ᠍ᠴᠢ ᠨᠤᠨᠤᠭᠠᠷᠢ ᠶᠢᠨ ᠭᠠᠭᠴᠠ ᠮᠤᠷᠢ ᠪᠠᠨ ᠵᠢᠭᠠᠴᠢᠬᠠᠵᠤ 《ᠮᠢᠨᠤ ᠭᠦᠤ ᠶᠤᠰᠤᠳᠠᠢ ᠴᠤ ᠠᠳᠤᠭᠤᠨ ᠳᠤ ᠡᠷ᠎ᠡ ᠲᠡᠶ ᠪᠠᠢ᠌ᠯ᠎ᠠ᠂ ᠡᠨᠡ ᠭᠦᠤ ᠶᠢᠨ ᠮᠢᠨᠢ ᠦᠮᠴᠢ ᠭᠦᠯᠦᠭ᠌ ᠳ᠋ᠡ ︕》 ᠭᠡᠳ ᠯᠠ ᠳᠤᠷᠭᠢᠭᠤᠯᠳᠠᠭ ᠪᠠᠢ᠌ᠯ᠎ᠠ᠃
ᠳᠠᠠᠳᠤᠷ ᠭᠤᠸᠠᠢ ᠨᠢᠳᠤᠨᠤᠨ ᠡᠪᠦᠯ ᠥᠩᠭᠡᠷᠡᠯ᠎ᠡ᠃ ᠭᠡᠯᠡᠪᠠᠯ ᠴᠤ ᠠᠮᠠᠷᠬᠠᠨ ᠪᠣᠷᠬᠠᠨ ᠪᠣᠯᠤᠭᠰᠠᠨ ᠡ ︕ ᠬᠠᠷ᠎ᠠ ᠭᠦᠭᠡᠷᠦᠭᠦᠢ ᠡᠵᠢ ᠮᠢᠨᠢ ᠯᠠ ᠭᠤᠷᠪᠠᠨ ᠵᠢᠯ ᠭᠡᠪᠳᠡᠷᠢ ᠳᠤ ᠣᠷᠤᠵᠤ ᠡᠴᠦᠰ ᠲᠡᠭᠡᠨ ᠠᠳᠠᠰᠬ᠎ᠠ ᠰᠢᠭ ᠳᠤᠷᠠᠵᠤ ᠶᠤᠰᠤᠳᠠᠢ ᠴᠤ ᠪᠠᠶ᠎ᠠ ᠰᠡᠳᠭᠢᠯ ᠤᠨ ᠣᠷᠤᠠᠴᠤᠭ ᠳᠠᠳᠤᠢ ᠪᠣᠯᠤᠭᠠᠤᠨ ᠯᠠ ᠥᠩᠭᠡᠷᠡᠭ᠍ᠰᠡᠨ ᠰᠢᠤ᠁ ᠢᠷᠭᠤᠢ ᠶᠢᠨ ᠮᠢᠨᠢ ᠳᠠᠭᠤ ᠡᠷᠢᠶᠡᠡᠳᠦᠵᠤ ᠪᠦᠰᠡᠭᠦᠢ ᠭᠦᠮᠤᠨ ᠤ ᠨᠥᠮᠵᠦᠩᠭᠡᠨ ᠰᠡᠳᠭᠢᠯ ᠤᠨ ᠣᠶᠠᠷᠠᠯ ᠶᠢᠡᠨ ᠨᠢᠭᠤᠵᠤ ᠴᠢᠳᠠᠯ ᠦᠭᠡᠶ ᠨᠢᠯᠪᠣᠰᠤ ᠣᠨᠠᠭᠠᠴᠢᠬᠠᠯ᠎ᠠ᠁
ᠵᠠᠶᠠᠭ᠎ᠠ ᠨᠢ ᠳᠠᠪᠢᠯᠠᠩ ᠶᠢᠡᠨ ᠭᠦᠯᠢᠶᠡᠳᠡᠭ᠌ ᠬᠤᠷᠸ᠎ᠠ ᠪᠣᠯᠤᠭᠰᠠᠨ ᠬᠣᠢ᠌ᠨ᠎ᠠ ᠬᠤᠷᠸ᠎ᠠ ᠶᠢᠨ ᠡᠨᠡ ᠠᠭᠤᠳᠠᠮ ᠵᠠᠢ ᠳᠤ ᠪᠢ ᠦᠨᠦᠴᠢᠨ ᠡᠯᠦᠢ ᠬᠤᠴᠤᠷᠤᠭᠰᠠᠨ ᠴᠤ ᠵᠥᠩᠳᠡᠭᠡᠨ ᠣᠯᠠᠨ ᠠᠪᠣ ᠲᠡᠶ ᠡᠵᠢ ᠲᠡᠶ ᠪᠠᠢ᠌ᠵᠤ ᠰᠡᠳᠭᠢᠯ ᠥᠶᠦᠭ᠍ᠭᠡᠨ ᠥᠰᠦᠭ᠍ᠰᠡᠨ ᠳ᠋ᠡ ︕ ᠳᠡᠷᠭᠡᠳᠤ ᠶᠢᠨ ᠳᠠᠠᠳᠤᠷ ᠡᠪᠦᠭᠡᠨ ᠭᠡᠭᠦ ᠪᠠᠷ ᠰᠡᠳᠭᠢᠯ ᠳᠤ ᠢᠯᠡᠭᠡᠨ᠃ ᠠᠯᠳᠠᠨ ᠳᠠᠪᠰᠢ ᠶᠢᠨ ᠰᠦᠷᠯᠢᠭ᠌ ᠭᠤᠸ᠎ᠠ ᠪᠠᠭᠤᠴᠠᠨ ᠳᠤ ᠵᠤᠠᠰᠢᠳᠠᠭ ᠪᠠᠢ᠌ᠭᠰᠠᠨ ᠳᠠᠷᠠ ᠪᠦᠳᠦᠭᠦᠨ ᠶᠠᠭᠢᠷ ᠡᠪᠦᠭᠡᠨ ᠬᠡᠦᠬᠡᠳ ᠲᠤ ᠰᠦᠷ ᠡᠭᠡᠯᠢᠳᠡᠢ᠂ ᠵᠢᠷᠤᠭ᠎ᠠ ᠬᠠᠯᠢᠭᠤᠨ ᠮᠤᠷᠢᠨ ᠤ ᠪᠠᠨ ᠠᠷᠤ ᠪᠠᠷ ᠨᠠᠮ᠎ᠠ ᠶᠢ ᠰᠤᠠᠳᠠᠯᠠᠵᠤ ᠠᠳᠤᠭᠤᠨ ᠬᠠᠰᠢᠯᠳᠠ ᠳᠤ ᠶᠠᠪᠣᠳᠠᠭ ᠪᠦᠭᠡᠳ ᠬᠠᠶᠠ ᠡᠢ᠌ᠯᠦᠭ᠍ᠰᠡᠨ ᠣᠷᠤᠭ᠎ᠠ ᠠᠳᠤᠭᠤᠨ ᠤ ᠬᠣᠢ᠌ᠨ᠎ᠠ ᠡᠴᠠ ᠰᠤᠳᠠᠯᠠᠭᠠ ᠲᠡᠶ ᠴᠢᠭ᠌ ᠲᠡᠭᠡᠨ ᠱᠤᠤᠭᠢᠵᠤ ᠪᠠᠭᠤᠳᠠᠭ᠂ ᠳᠡᠭᠡᠭᠦ ᠲᠤᠭᠠᠯᠠᠩ 《ᠮᠢᠨᠤ ᠭᠦᠤ ᠵᠤᠷᠢᠭ ᠳᠠᠮᠢᠷ ᠲᠡᠶ ᠰᠠᠢ᠌ᠬᠠᠨ ᠡᠷ᠎ᠡ ᠪᠣᠯᠤᠨ᠎ᠠ》 ᠭᠡᠵᠤ ᠥᠭᠦᠭᠡᠷᠳᠡᠨ ᠪᠠᠬᠠᠷᠬᠠᠳᠠᠭ ᠪᠠᠢ᠌ᠭᠰᠠᠨ ᠨᠢ ᠰᠡᠭᠦᠯ ᠳᠡᠭᠡᠨ ᠨᠤᠳᠤᠭ ᠤᠨ ᠶᠡᠭᠡᠴᠦᠳ 《ᠶᠠᠭᠢᠷ ᠤᠨ ᠨᠤᠮᠤᠬᠠᠨ ᠪᠣᠷᠤ》 ᠭᠡᠵᠤ ᠨᠠᠮ᠎ᠠ ᠶᠢ ᠴᠤᠯᠠᠯᠠᠳᠠᠭ ᠪᠣᠯᠤᠭᠰᠠᠨ ᠡ᠃ ᠦᠨᠦ ᠭᠡᠭᠦ ᠳᠤ ᠳᠡᠷᠡᠭᠦ ᠪᠦᠳᠦᠭᠦᠨ ᠶᠠᠭᠢᠷ ᠡᠪᠦᠭᠡᠨ ᠪᠣᠳᠤᠯ ᠳᠤ ᠮᠢᠨᠢ ᠨᠠᠷᠠ ᠵᠢᠰᠤ᠂ ᠵᠠᠩ ᠠᠷᠠᠠᠰᠢᠨ᠂ ᠠᠯᠬᠤᠳᠠᠯ ᠵᠡᠭᠦᠳᠡᠯ᠁ ᠠᠯᠢ ᠠᠯᠢᠬᠠᠨ ᠨᠢ ᠭᠡᠰᠡᠨ ᠦᠭᠡᠶ ᠳᠤᠳᠤᠬᠠᠨ ᠥᠭᠡᠢ᠌ᠯᠡᠭ᠍ᠳᠡᠵᠤ ᠪᠠᠢ᠌ᠨ᠎ᠠ᠃
ᠭᠦᠮᠤᠨ ᠪᠠᠢ᠌ᠭᠠᠯᠢ ᠭᠡᠭ᠍ᠴᠢ ᠳᠠᠰᠤᠷᠠᠵᠤ ᠦᠵᠢᠷᠠᠰᠢ ᠦᠭᠡᠶ ᠳᠠᠷᠬᠠᠨ ᠭᠡᠯᠭᠢᠶ᠎ᠠ ᠬᠤᠯᠪᠣᠭ᠎ᠠ ᠲᠡᠶ ᠪᠠᠢ᠌ᠵᠤ ᠦᠦ ᠳ᠋ᠠ ︕ ᠣᠨᠠᠭᠠᠳᠤ ᠶᠢᠨ ᠨᠠᠭᠤᠷ ᠤᠨ ᠶᠢᠠᠨ ᠣᠶᠠᠬᠠᠨ ᠱᠤᠤᠭᠢᠯ ᠢ ᠴᠢᠭᠡᠨᠡᠵᠤ ᠠᠯᠢ ᠯᠠ ᠳᠡᠭ᠍ᠵᠢᠨ ᠳᠡᠷᠪᠠᠭᠦᠨ ᠨᠢᠯᠬ᠎ᠠ ᠶᠢᠨ ᠥᠯᠢᠭᠡᠷ ᠶᠢᠡᠷ ᠶᠢᠡᠨ ᠳᠤᠷᠭᠢᠯᠳᠤᠵᠤ ᠰᠠᠭᠤᠬᠤ ᠬᠤᠷᠤᠮ ᠳᠤ ᠢᠷᠭᠤᠢ ᠶᠢᠨ ᠮᠢᠨᠢ ᠰᠠᠶᠢ ᠰᠠᠶᠢᠬᠠᠨ ᠤ ᠤᠢ᠌ᠳᠬᠠᠷ ᠣᠶᠠᠷᠠᠯ ᠨᠢ ᠠᠷᠢᠯᠴᠢᠬᠠᠭᠰᠠᠨ ᠭᠦᠭᠡᠷᠦᠭᠦᠨ ᠮᠢᠰᠢᠶᠠᠳᠤ ᠪᠠᠨ ᠨᠢᠭᠤᠵᠤ ᠴᠢᠳᠠᠯ ᠦᠭᠡᠶ ᠠᠰᠬᠠᠴᠢᠬᠠᠭᠠᠤᠨ ᠪᠠᠢ᠌ᠯ᠎ᠠ᠃
ᠥᠭᠡ ᠭᠡᠯᠡᠴᠢᠭᠡᠮᠡᠷ ᠳᠤᠨᠤᠷᠠᠬᠤ ᠬᠠᠷᠠᠴᠠ ᠪᠠᠷ ᠶᠢᠡᠨ ᠦᠶ᠎ᠡ ᠥᠶᠡᠭᠡᠨ ᠳᠤᠯᠠᠭᠠᠭᠨ ᠰᠢᠷᠳᠡᠭ᠍ᠰᠡᠭᠡᠷ 《ᠠᠬ᠎ᠠ ᠡ᠂ ᠳᠡᠭ᠍ᠵᠢᠨ ᠪᠣᠷᠤ ᠬᠡᠦᠬᠡᠳ ᠨᠠᠰᠤ ᠪᠠᠨ ᠮᠠᠷᠳᠠᠭ᠎ᠠ ᠦᠭᠡᠶ ᠪᠢᠵᠠ ᠳ᠋ᠡ ︕ ᠭᠡᠭᠡᠷ᠎ᠡ ᠶᠢᠨ ᠵᠢᠮᠢᠰ ᠶᠢᠡᠷ ᠭᠢᠯᠭᠢᠵᠤ ᠭᠢᠭ᠍ᠰᠡᠨ ᠰᠤᠠᠳᠤᠷ ᠶᠢᠡᠨ ᠭᠦᠵᠦᠭᠦᠨ ᠳᠤ ᠮᠢᠨᠢ ᠵᠡᠭᠦᠯᠭᠡᠴᠢᠭᠡᠭᠡᠳ 〈ᠰᠢᠨ᠎ᠡ ᠪᠠᠷᠢ〉 ᠪᠠᠭᠤᠯᠭᠠᠵᠤ ᠪᠠᠢ᠌ᠭᠰᠠᠨ ᠴᠢ ᠭᠡᠵᠤ ᠮᠦᠨ ᠴᠤ ᠠᠯᠢᠶ᠎ᠠ ᠳᠠᠮᠰᠢᠭ ᠪᠠᠢ᠌ᠵᠤ ᠰᠢᠤ》 ᠭᠡᠵᠤ ᠵᠢᠮᠡᠯᠡᠭ᠍ᠭᠦᠢ ᠢᠨᠢᠶᠡᠮᠰᠦᠭᠯᠡᠯ᠎ᠡ᠃
᠊᠊᠊᠊᠊᠊᠊᠊᠊᠊᠊᠊᠊᠊᠊ ᠬᠤᠷᠸ᠎ᠠ ᠭᠡᠵᠤ ᠭᠦᠮᠤᠨ ᠢ ᠮᠦᠨ ᠴᠤ ᠬᠤᠷᠳᠤᠨ ᠥᠰᠭᠡᠳᠡᠭ᠌ ᠪᠠᠢ᠌ᠵᠠᠢ ︕ ᠣᠭᠤᠳᠠ ᠲᠡᠶ ᠣᠯᠠᠭᠠᠨ ᠱᠠᠭ᠎ᠠ ᠡᠭᠦᠷᠴᠢᠭᠡᠭ᠍ᠰᠡᠨ ᠡᠪᠠᠷ ᠭᠡᠵᠢᠭᠡ ᠲᠡᠶ ᠬᠡᠦᠬᠡᠳ ᠨᠠᠳᠠ ᠲᠡᠶ ᠥᠶᠡᠷᠭᠡᠳᠡᠭ᠌ ᠪᠠᠢ᠌ᠭᠰᠠᠨ ᠨᠢ ᠡᠨᠡᠦᠭᠡᠨ ᠳᠤ ᠶᠤᠮᠰᠢᠭ ᠪᠣᠳᠤᠭᠳᠠᠬᠤ ᠨᠢ ᠡ︕
《ᠠᠬ᠎ᠠ ᠡ ︕ ᠪᠢ ᠶᠠᠮᠠᠷ ᠪᠠᠢ᠌ᠯ᠎ᠠ ︖》᠂ 《ᠴᠢ ᠭᠡᠵᠤ ᠦᠦ ︖ ᠣᠰᠤᠨ ᠭᠠᠩ ᠵᠠᠢ᠌ᠳᠠᠯᠠᠵᠤ ᠱᠤᠤᠭᠢᠭᠤᠯᠳᠠᠭ᠂ ᠳᠠᠩᠴᠢ ᠳᠢᠭ᠌ ᠦᠭᠡᠶ ᠨᠢᠰᠤᠩᠬᠠᠢ ᠪᠣᠷᠤ ᠭᠡᠦᠭᠡᠨ ᠯᠠ ᠪᠠᠢ᠌ᠭᠰᠠᠨ ᠰᠢᠳᠠ᠁》᠂《 ᠦᠭᠡᠶ ᠡ᠂ ᠦᠭᠡᠶ᠁ ᠪᠢ ᠶᠠᠭ ᠳᠠᠢ᠌ᠮᠤ ᠪᠠᠢ᠌ᠭᠰᠠᠨ ᠦᠭᠡᠶ᠁ ᠠᠬ᠎ᠠ ᠣᠯᠢᠭ ᠦᠭᠡᠶ᠁》 ᠭᠡᠳ ᠴᠠᠢ᠌ᠯᠭᠠᠨ ᠨᠢ ᠠᠷᠭ᠎ᠠ ᠦᠭᠡᠶ ᠬᠠᠳᠠᠭᠠᠨᠠᠳᠠᠯ᠎ᠠ ᠢᠨᠢᠶᠠᠵᠤ ᠵᠢᠵᠢᠭ᠍ᠬᠡᠨ ᠨᠢᠳᠤᠷᠭ᠎ᠠ ᠪᠠᠷ ᠶᠢᠡᠨ ᠴᠤᠭᠢᠯᠠᠨ ᠡᠷᠭᠡᠯᠡᠭᠦ ᠪᠠᠷ ᠣᠨᠠᠭᠠᠳᠤ ᠶᠢᠨ ᠨᠠᠭᠤᠷ ᠤ ᠬᠤᠶᠠᠷ ᠬᠤᠨ ᠦᠷᠭᠦᠨ ᠪᠣᠰᠴᠤ ᠬᠤᠤᠰᠯᠠᠨ ᠨᠢᠰᠤᠯ᠎ᠠ᠁
ᠨᠠᠮᠤᠷ ᠤᠨ ᠰᠡᠭᠦᠯᠴᠢ ᠶᠢᠨ ᠨᠠᠷᠠᠨ ᠵᠢᠷᠭᠠᠬᠤ ᠳᠠᠭᠠᠨ ᠳᠦᠭᠦᠵᠤ ᠪᠠᠷᠠᠭᠤᠨ ᠠᠭᠤᠯᠠ ᠶᠢᠨ ᠳᠤᠯᠤᠭᠠᠢ ᠳᠤ ᠡᠷᠭᠢᠴᠡᠨ ᠬᠤᠷᠭᠤᠳᠠᠨ᠎ᠠ᠃ ᠪᠠᠢ᠌ᠭᠠᠯᠢ ᠣᠰᠤᠨ ᠤ ᠪᠠᠨ ᠣᠶᠠᠬᠠᠨ ᠴᠡᠮᠴᠡᠭᠡᠷ ᠠᠷᠠᠠᠰᠢᠨ ᠪᠣᠶᠤ ᠵᠠᠯᠠᠭᠤ ᠽᠠᠠᠳᠠᠨ ᠨᠠᠰᠤᠨ ᠤ ᠠᠯᠢᠶᠠᠯᠠᠯ ᠳᠠᠭᠠᠨ ᠪᠣᠯᠵᠤ ᠳᠡᠭ᠍ᠵᠢᠨ ᠳᠤᠭᠯᠠᠵᠤ ᠢᠨᠢᠶᠡᠭᠦ ᠢᠷᠭᠤᠢ ᠶᠢᠨ ᠮᠢᠨᠢ ᠪᠠᠶᠠᠷ ᠵᠢᠷᠭᠠᠯ ᠴᠡᠯᠮᠡᠭ᠌ ᠣᠢ ᠣᠬᠠᠭᠠᠨ ᠳᠤ ᠨᠢ ᠨᠠᠰᠤᠵᠢᠳᠠᠭ ᠦᠭᠡᠶ ᠮᠥᠩᠭᠡ ᠵᠠᠶᠠᠭ᠎ᠠ ᠬᠠᠢ᠌ᠷᠠᠯᠠᠭᠠᠰᠠᠢ ︕ ᠭᠡᠵᠤ ᠰᠢᠪᠠᠨᠠᠨ ᠰᠢᠪᠠᠨᠠᠨ ᠪᠣᠳᠤᠬᠤ ᠳᠤ ᠵᠢᠯᠢ᠌ᠭ᠍ᠴᠢ ᠪᠣᠯᠤᠭᠰᠠᠨ ᠳᠤᠮᠤᠭᠠᠳᠠᠤᠨ ᠤᠨ ᠮᠢᠨᠢ ᠳᠠᠩᠴᠢ ᠣᠬᠤᠷᠬᠠᠨ ᠵᠠᠶᠠᠭ᠎ᠠ ᠲᠡᠶ ᠨᠠᠰᠤ ᠪᠠᠶ᠎ᠠ᠂ ᠪᠠᠶᠠᠷ ᠵᠢᠷᠭᠠᠯ ᠠᠯᠢ ᠡᠰᠡᠭᠦᠯ᠎ᠡ ᠭᠡᠨ ᠳᠤ ᠴᠤ ᠥᠨᠡᠯᠡᠭ᠍ᠳᠡᠳᠡᠭ᠌ ᠦᠭᠡᠶ ᠭᠡᠳᠦᠷᠭᠡᠢ ᠭᠡᠴᠡᠭᠦᠤ ᠶᠠᠳᠠᠷᠠᠯ ᠵᠦᠳᠡᠷᠡᠯ ᠢ ᠪᠣᠳᠤᠵᠤ ᠬᠠᠷᠠᠮᠰᠠᠯ ᠤᠨ ᠨᠢᠯᠪᠣᠰᠤ ᠬᠠᠷᠠᠴᠠ ᠶᠢ ᠮᠢᠨᠢ ᠴᠢᠭᠢᠭ᠍ᠳᠡᠭᠦᠯᠦᠯᠡ᠃
ᠳᠤᠤᠯᠢ ᠰᠢᠤᠬᠠᠨ ᠶᠢᠠᠨ ᠨᠠᠰᠤ ᠣᠬᠠᠭᠠᠨ ᠲᠡᠶ ᠪᠠᠢ᠌ᠬᠤ ᠳᠠᠭᠠᠨ ᠳᠠᠭᠠᠷᠠᠨ᠎ᠠ ᠳ᠋ᠠ᠂ ᠭᠦᠭᠡᠷᠦᠭᠦᠢᠰ ᠮᠢᠨᠢ ︕
ᠵᠤᠬᠢᠶᠠᠭᠴᠢ ᠶᠢᠨ ᠬᠠᠶᠢᠭ ᠄ ᠳᠠᠷᠬᠠᠨ ᠮᠤᠤᠮᠢᠩᠭ᠋ᠠᠨ ᠬᠤᠯᠪᠣᠭᠠᠳᠤ ᠬᠤᠰᠢᠭᠤ ᠦᠨᠳᠦᠰᠦᠳᠠᠨ ᠤ ᠭᠡᠷᠡᠭ᠌ ᠡᠷᠭᠢᠯᠡᠭᠦ ᠳᠤᠪᠴᠢᠶ᠎ᠠ
ᠵᠤᠬᠢᠶᠠᠭᠴᠢ᠄ ᠠ᠊·ᠤᠳᠬᠤᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6191
ᠴᠠᠭ᠄ 2011 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ