ᠨᠡᠪᠲᠡᠷᠡᠨ ᠤᠷᠤᠬᠤ
ᠦᠬᠢᠨ ᠳᠤ ᠪᠠᠨ

ᠡᠭᠡ ᠶᠢᠨ ᠶᠢᠡᠨ ᠡᠯᠢᠭᠡᠨ ᠳᠤ ᠡᠷᠭᠡᠯᠡᠨ ᠵᠢᠷᠭᠠᠭᠰᠠᠨ

ᠡᠪᠠᠢ ᠭᠦᠭᠡᠷᠦᠭᠦᠨ ᠦᠬᠢᠨ ᠮᠢᠨᠢ ᠴᠢ

ᠡᠷᠭᠡᠰ ᠪᠠᠶ᠎ᠠ ᠶᠢᠨ ᠳᠠᠰᠤᠷᠬᠠᠢ ᠪᠣᠯᠤᠭᠰᠠᠨ

ᠡᠴᠢᠭᠡ ᠶᠢᠨ ᠶᠢᠡᠨ ᠬᠤᠩᠭ᠋ᠤᠷᠬᠠᠨ ᠦᠷ᠎ᠡ ᠮᠢᠨᠢ ᠴᠢ

        ᠪᠣᠳᠤᠭᠤᠨ ᠨᠢᠳᠤᠳᠤ ᠭᠡᠦᠭᠡᠨ ᠮᠢᠨᠢ

        ᠪᠣᠷᠤ ᠵᠢᠷᠦᠭᠡᠨ ᠤ ᠰᠤᠳᠠᠰᠤ ᠰᠢᠤ ᠳ᠋ᠡ


ᠳᠠᠢ᠌ᠪᠣᠩ ᠳᠡᠯᠡᠭᠡᠢ ᠪᠠᠨ ᠰᠡᠷᠭᠦᠭᠡᠨ ᠵᠢᠷᠭᠢᠭ᠍ᠰᠡᠨ

ᠳᠠᠩᠭᠢᠯᠬᠠᠨ ᠴᠤᠪᠣᠭᠤ ᠴᠡᠭ᠍ᠴᠡᠦᠭᠡᠢ ᠮᠢᠨᠢ

ᠳᠠᠩᠰᠤᠭ ᠪᠠᠢ᠌ᠭᠠᠯᠢ ᠪᠠᠨ ᠴᠢᠮᠡᠭᠯᠡᠨ ᠳᠡᠯᠭᠡᠭ᠍ᠰᠡᠨ

ᠳᠠᠯ᠎ᠠ ᠶᠢᠨ ᠢᠯᠳᠠᠮᠬᠠᠨ ᠴᠡᠴᠡᠭ᠌ ᠮᠢᠨᠢ ᠴᠢ

        ᠪᠣᠳᠤᠭᠤᠨ ᠨᠢᠳᠤᠳᠤ ᠭᠡᠦᠭᠡᠨ ᠮᠢᠨᠢ

        ᠪᠣᠷᠭᠢᠯᠬᠤ ᠬᠠᠢ᠌ᠷ᠎ᠠ ᠶᠢᠨ ᠰᠢᠵᠢᠮ ᠰᠢᠤ ᠳ᠋ᠡ


ᠳᠤᠭᠤᠷᠭᠠᠳᠤ ᠭᠡᠷ ᠤᠨ ᠮᠢᠨᠢ ᠳᠤᠶᠠᠭ᠎ᠠ ᠪᠣᠯᠵᠤ

ᠳᠤᠯᠭᠠᠨ ᠤ ᠭᠠᠯ ᠢ ᠠᠰᠠᠭᠠᠵᠤ ᠶᠠᠪᠣᠭᠠᠷᠠᠢ

ᠳᠤᠯᠭᠤᠷ ᠳᠦᠷᠤ ᠶᠢᠨ ᠮᠢᠨᠢ ᠳᠦᠰᠢᠭ᠌ ᠪᠣᠯᠵᠤ

ᠲᠦᠮᠡᠨ ᠤ ᠳᠤᠮᠳᠠ ᠭᠢᠯᠠᠯᠵᠠᠵᠤ ᠶᠠᠪᠣᠭᠠᠷᠠᠢ

       ᠪᠣᠳᠤᠭᠤᠨ ᠨᠢᠳᠤᠳᠤ ᠭᠡᠦᠭᠡᠨ ᠮᠢᠨᠢ

       ᠪᠣᠳᠤᠯ ᠳᠤ ᠥᠡᠵᠢᠭᠦ ᠨᠠᠷᠠ ᠰᠢᠤ ᠳ᠋ᠡ


                   2011.12.20    

        (ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠰᠤᠷᠤᠭᠴᠢ ᠶᠢᠨ ᠪᠠᠢ᠌ᠷᠢ ᠳᠤ)


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠤᠷᠳᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12187
ᠴᠠᠭ᠄ 2012 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ