☆ ᠪᠠ᠊·ᠤᠳᠬᠤᠠᠪᠠᠭᠠᠳᠤᠷ
ᠰᠠᠢ᠌ᠬᠠᠨ ᠮᠤᠩᠭ᠋ᠤᠯ ᠮᠤᠷᠢ ᠮᠢᠨᠢ
ᠠᠭᠤᠯᠠ ᠰᠤᠨᠤᠯᠵᠠᠩᠬᠠᠨ ᠨᠢᠷᠤᠭᠤᠨ ᠳᠤ ᠪᠠᠨ
ᠳᠡᠦᠭᠡ ᠠᠴᠢᠶᠠᠯᠠᠨ ᠮᠥᠩᠭᠡᠵᠢᠭ᠍ᠰᠡᠨ
ᠣᠷᠭ᠎ᠠ ᠳᠤᠯᠤᠭᠰᠠᠨ ᠡᠵᠡᠨ ᠳᠤ ᠪᠠᠨ
ᠳᠤᠭᠤᠰᠤ ᠪᠠᠷ ᠶᠢᠡᠨ ᠳᠠᠪᠭᠢᠨ ᠪᠠᠶᠠᠰᠬᠠᠭᠰᠠᠨ
ᠰᠠᠢ᠌ᠬᠠᠨ ᠮᠤᠩᠭ᠋ᠤᠯ ᠮᠤᠷᠢ ᠮᠢᠨᠢ
ᠰᠡᠳᠭᠢᠯ ᠳᠤ ᠬᠤᠨᠤᠭᠰᠢᠬᠤ ᠰᠢᠳᠦᠭᠡᠨ ᠮᠢᠨᠢ
ᠳᠡᠭᠡᠳᠤ ᠳᠡᠭ᠍ᠷᠢ ᠶᠢᠨ ᠰᠢᠳᠦᠭᠡᠨ ᠵᠢᠠᠷ
ᠦᠣᠷᠰᠠᠵᠤ ᠣᠨᠠᠭᠰᠠᠨ ᠣᠨᠠᠭ᠎ᠠ ᠯᠠ ᠶᠤᠮ
ᠳᠠᠮᠤᠵᠢᠨ ᠴᠢᠩᠭᠢᠰ ᠪᠠᠭᠠᠳᠤᠷ ᠤᠨ
ᠳᠠᠢ᠌ᠨ ᠤ ᠬᠤᠷᠳᠤᠨ ᠭᠦᠯᠦᠭ᠌ ᠨᠢ ᠶᠤᠮ
ᠰᠠᠢ᠌ᠬᠠᠨ ᠮᠤᠩᠭ᠋ᠤᠯ ᠮᠤᠷᠢ ᠮᠢᠨᠢ
ᠰᠢᠷᠬ᠎ᠠ ᠲᠡᠶ ᠡᠵᠡᠨ ᠶᠢᠡᠨ ᠬᠠᠶᠠᠭ᠎ᠠ ᠥᠭᠡᠢ
ᠳᠠᠢ᠌ᠰᠤᠨ ᠤ ᠰᠠᠸᠠᠷ ᠡᠴᠠ ᠵᠠᠢ᠌ᠯᠠᠭᠤᠯᠳᠠᠭ
ᠵᠢᠷᠤᠮ ᠤᠨ ᠢᠳᠡᠭᠡᠯ ᠳᠦᠰᠢᠭ᠌ ᠮᠢᠨᠢ ᠡ ︕
ᠠᠯᠳᠠᠢ ᠭᠢᠩᠭ᠋ᠠᠨ ᠬᠠᠢ᠌ᠷᠬᠠᠨ ᠮᠢᠨᠢ
ᠢᠠᠴᠠᠭᠠ ᠳᠤ ᠨᠢ ᠭᠡᠢ᠌ᠮᠦᠷᠢᠳᠡᠨ ᠪᠣᠰᠳᠠᠭ ᠶᠤᠮ
ᠣᠨᠤᠨ ᠭᠡᠷᠦᠯᠤᠨ ᠮᠦᠷᠠᠨ ᠮᠢᠨᠢ
ᠳᠠᠭᠤᠨ ᠳᠤ ᠨᠢ ᠣᠶᠠᠰᠤᠨ ᠣᠷᠤᠰᠳᠠᠭ ᠴᠤ ᠶᠤᠮ
ᠰᠠᠢ᠌ᠬᠠᠨ ᠮᠤᠩᠭ᠋ᠤᠯ ᠮᠤᠷᠢ ᠮᠢᠨᠢ
ᠰᠠᠨᠠᠭ᠎ᠠ ᠳᠤᠭᠤᠯᠴᠠᠨ ᠵᠢᠷᠭᠠᠬᠤ
ᠮᠤᠩᠭ᠋ᠤᠯ ᠨᠢᠭᠡᠳᠡᠨ ᠬᠤᠭᠤᠯᠠᠢ ᠮᠢᠨᠢ
ᠡᠪᠠᠰᠤᠨ ᠰᠤᠷᠭᠤᠭ ᠰᠢᠮ᠎ᠠ ᠵᠢ
ᠬᠠᠮᠠᠷ ᠳᠤᠷᠭᠢᠯᠤᠨ ᠰᠢᠯᠢᠵᠤ
ᠣᠰᠤᠨ ᠤ ᠳᠤᠩᠭ᠋ᠠᠯᠠᠭ ᠣᠮᠳᠠ ᠵᠢ
ᠳᠤᠯᠤᠭᠠᠢ ᠰᠠᠵᠢᠯᠠᠨ ᠰᠤᠩᠭ᠋ᠤᠵᠤ
ᠭᠦᠭᠡᠮᠳᠦᠭ᠌ ᠳᠡᠭ᠍ᠷᠢ ᠶᠢᠨ ᠳᠤᠤᠷ᠎ᠠ
ᠡᠵᠡᠨ ᠪᠣᠰᠤᠭ᠎ᠠ ᠳᠡᠦᠭᠡ ᠮᠢᠨᠢ
ᠬᠠᠨᠠᠨ ᠳᠤ ᠡᠯᠭᠦᠭ᠍ᠳᠡᠭᠦ ᠵᠢᠷᠤᠭ ᠡᠴᠠ
ᠪᠠᠢ᠌ᠭᠠᠯᠢ ᠪᠠᠨ ᠢᠩᠭᠢᠵᠤ ᠰᠤᠨᠢᠷᠬᠠᠭᠰᠠᠨ ᠶᠤᠮ
ᠰᠠᠢ᠌ᠬᠠᠨ ᠮᠤᠩᠭ᠋ᠤᠯ ᠮᠤᠷᠢ ᠮᠢᠨᠢ
ᠰᠡᠳᠭᠢᠯ ᠢ ᠰᠢᠪᠠᠭ᠍ᠰᠡᠨ ᠡᠮᠵᠡᠭᠯᠡᠯ ᠮᠢᠨᠢ ︕
ᠡᠵᠡᠨ ᠴᠢᠩᠭᠢᠰ ᠳᠠᠮᠤᠵᠢᠨ ᠤ
ᠣᠩᠭ᠋ᠤᠨ ᠢ ᠨᠢ ᠰᠠᠭᠢᠭᠰᠠᠨ ᠰᠢᠷᠭ᠎ᠠ ᠮᠢᠨᠢ
ᠳᠠᠭᠢᠯᠭ᠎ᠠ ᠳᠤ ᠢᠷᠡᠭ᠍ᠰᠡᠨ ᠮᠦᠷᠭᠦᠯᠴᠢᠳ ᠵᠢᠠᠨ
ᠦᠨᠦᠷ ᠶᠢᠡᠷ ᠨᠢ ᠣᠴᠢᠵᠤ ᠳᠠᠨᠢᠳᠠᠭ ᠶᠤᠮ
ᠠᠭᠰᠤᠮ ᠳᠠᠪᠭᠢᠯᠳᠤᠭᠰᠠᠨ ᠳᠡᠦᠭᠡ ᠪᠠᠨ
ᠠᠷᠤ ᠳᠤ ᠪᠠᠨ ᠭᠡᠳᠥᠢᠨᠢ ᠮᠠᠷᠳᠠᠯ᠎ᠠ ᠭᠡᠮᠡᠷ
ᠦᠵᠡᠮᠵᠢ ᠶᠢᠨ ᠣᠷᠤᠨ ᠤ ᠭᠤᠸᠠᠯᠢᠭ ᠳᠤ
ᠵᠢᠰᠤᠮ ᠶᠢᠡᠷ ᠶᠢᠡᠨ ᠢᠠᠴᠠᠭᠠᠨ ᠵᠤᠭᠰᠤᠳᠠᠭ ᠴᠤ ᠶᠤᠮ
ᠰᠠᠢ᠌ᠬᠠᠨ ᠮᠤᠩᠭ᠋ᠤᠯ ᠮᠤᠷᠢ ᠮᠢᠨᠢ
ᠰᠢᠳᠤᠷᠭᠤ ᠳᠠᠭᠠᠭᠰᠠᠨ ᠰᠦᠨᠠᠰᠤ ᠮᠢᠨᠢ ︕
ᠳᠠᠯ᠎ᠠ ᠨᠢ ᠭᠡᠳᠦᠢ ᠦᠷᠭᠡᠨ ᠪᠣᠯ
ᠠᠭᠳᠠ ᠮᠢᠨᠢ ᠳᠠᠳᠤᠢ ᠰᠤᠨᠤᠳᠠᠭ ᠴᠤ ᠶᠤᠮ
ᠳᠡᠯᠡᠭᠡᠢ ᠠᠭᠤᠳᠠᠮ ᠬᠤᠷᠸ᠎ᠠ ᠳ᠋ᠤ
ᠳᠡᠨᠢᠭᠡᠷ ᠶᠠᠪᠣᠭᠰᠠᠨ ᠳᠡᠦᠭᠡ ᠮᠢᠨᠢ
ᠰᠠᠢ᠌ᠬᠠᠨ ᠮᠤᠩᠭ᠋ᠤᠯ ᠮᠤᠷᠢ ᠮᠢᠨᠢ
ᠳᠠᠯ᠎ᠠ ᠨᠢ ᠰᠠᠷᠠᠭᠤᠯᠬᠠᠨ ᠨᠤᠳᠤᠭ ᠮᠢᠨᠢ ︕
ᠠᠭᠤᠯᠠ ᠰᠤᠨᠤᠯᠵᠠᠩᠬᠠᠨ ᠨᠢᠷᠤᠭᠤᠨ ᠳᠤ ᠪᠠᠨ
ᠨᠠᠷᠠ ᠪᠠᠨ ᠭᠡᠵᠢᠶᠡᠳᠡ ᠠᠴᠢᠶᠠᠯᠠᠨ᠎ᠠ
ᠣᠷᠭ᠎ᠠ ᠳᠤᠯᠤᠭᠰᠠᠨ ᠡᠵᠡᠨ ᠳᠤ ᠪᠠᠨ
ᠳᠤᠭᠤᠰᠤ ᠪᠠᠨ ᠭᠡᠵᠢᠶᠡᠳᠡ ᠥᠯᠡᠳᠡᠭᠡᠨ᠎ᠡ
ᠰᠠᠢ᠌ᠬᠠᠨ ᠮᠤᠩᠭ᠋ᠤᠯ ᠮᠤᠷᠢ ᠮᠢᠨᠢ
ᠰᠡᠳᠭᠢᠯ ᠳᠤ ᠰᠥᠡᠳᠡᠷᠯᠡᠭᠦ ᠰᠢᠳᠦᠭᠡᠨ ᠮᠢᠨᠢ᠁
2012 . 01 .03 ᠬᠦᠬᠡᠬᠤᠲᠠᠨ᠎ᠡ
ᠵᠤᠬᠢᠶᠠᠭᠴᠢ ᠶᠢᠨ ᠬᠠᠶᠢᠭ ᠄ ᠣᠷᠳᠤᠰ ᠤᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2012 ᠤᠨ ᠤ 01 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ