ᠨᠡᠪᠲᠡᠷᠡᠨ ᠤᠷᠤᠬᠤ
ᠵᠢᠷᠢᠮ ᠤᠨ ᠭᠦᠷᠢᠶ᠎ᠡ ᠶᠢᠨ ᠨᠠᠷ᠎ᠠ ᠶᠢᠨ ᠢᠷᠠᠯᠳᠠ

ᠡᠷᠳᠡ ᠣᠷᠢᠳᠤ ᠶᠢᠨ ᠴᠠᠭ ᠲᠤ᠂ ᠨᠢᠭᠡᠨ ᠳ᠋ᠢᠶᠠᠠᠴᠢ ᠶᠢᠨ ᠯᠠᠮᠠ ᠳ᠋ᠢᠶᠠᠠᠴᠢ ᠶᠢᠨ ᠭᠤᠤ ᠳᠤ ᠭᠢ ᠪᠢᠴᠢᠬᠠᠨ ᠠᠭᠤᠢ ᠳᠤ ᠥᠩᠭᠡᠳᠤ ᠶ‍ᠢᠷᠳᠢᠠᠴᠤ ᠶᠢᠨ ᠣᠯᠠᠭᠠᠨ ᠳᠤᠭᠤᠰᠤᠨ ᠡᠴᠠ ᠠᠩᠭᠢᠵᠢᠷᠠᠵᠤ᠂ ᠡᠳᠦᠷ ᠰᠦᠨᠢ ᠦᠭᠡᠶ ᠨᠤᠮ ᠣᠩᠰᠢᠨ ᠪᠢᠰᠢᠯᠭᠠᠵᠤ ᠪᠠᠢ᠌ᠭᠰᠠᠨ ᠭᠡᠨ᠎ᠡ᠃

ᠪᠦᠭ᠍ᠴᠢᠮ᠎ᠡ ᠵᠤᠨ ᠤ ᠨᠢᠭᠡᠨ ᠡᠳᠦᠷ᠂ ᠨᠢᠭᠡᠨ ᠬᠠᠭᠠᠨ ᠰᠢᠳᠠᠷ ᠴᠡᠷᠢᠭ᠌ ᠶᠢᠡᠨ ᠳᠠᠭᠠᠭᠤᠯᠤᠨ ᠠᠪᠠᠯᠠᠭᠰᠠᠭᠠᠷ ᠶᠠᠭ ᠰᠠᠢ᠌ᠬᠠᠨ ᠡᠨᠡ ᠳ᠋ᠢᠶᠠᠠᠴᠢ ᠶᠢᠨ ᠭᠤᠤ ᠳᠤ ᠭᠦᠷᠴᠤ ᠢᠷᠡᠪᠡ᠃

 ᠬᠤᠯᠠ ᠡᠴᠠ ᠭᠤᠩᠭ᠋ᠤᠷ ᠵᠢᠩᠭ᠋ᠠᠷ ᠳᠠᠭᠤᠨ ᠰᠤᠨᠤᠰᠳᠠᠬᠤ ᠳᠤ ᠬᠠᠭᠠᠨ ᠡᠵᠡᠨ ᠶᠠᠭᠤ ᠪᠣᠯᠪᠠ ᠭᠡᠮᠡᠨ ᠳᠠᠷᠠ ᠵᠥᠭ᠌ ᠣᠴᠢᠬᠤ ᠳᠤ᠂ ᠨᠢᠭᠡᠨ ᠪᠢᠴᠢᠬᠠᠨ ᠠᠭᠤᠢ ᠡᠴᠠ ᠬᠤᠩᠬᠤ ᠶᠢᠨ ᠳᠠᠭᠤᠨ ᠭᠠᠷᠴᠤ ᠪᠠᠢ᠌ᠪᠠ᠃ ᠬᠠᠭᠠᠨ ᠡᠵᠡᠨ ᠭᠦᠳᠦᠴᠢ ᠪᠠᠨ ᠳᠠᠭᠠᠭᠤᠯᠵᠤ ᠳᠠᠷᠠ ᠠᠭᠤᠢ ᠳᠤ ᠣᠷᠤᠭᠰᠠᠨ ᠴᠢᠨᠢ ᠨᠢᠭᠡᠨ ᠯᠠᠮᠠ ᠨᠢᠳᠤ ᠪᠠᠨ ᠠᠨᠢᠨ ᠨᠤᠮ ᠪᠢᠰᠢᠯᠭᠠᠵᠤ ᠪᠠᠢ᠌ᠪᠠ᠃ ᠬᠠᠭᠠᠨ ᠡᠵᠡᠨ ᠠᠷᠭ᠎ᠠ ᠦᠭᠡᠶ ᠳ᠋ᠢᠶᠠᠠᠴᠢ ᠶᠢᠨ ᠯᠠᠮᠠ ᠡᠴᠠ ᠬᠤᠭᠤᠯᠠ ᠣᠮᠳᠠ ᠭᠤᠶᠤᠭᠰᠠᠨ ᠳᠤ ᠳ᠋ᠢᠶᠠᠠᠴᠢ ᠶᠢᠨ ᠯᠠᠮᠠ ᠳᠤᠭᠤᠭᠠᠨ ᠳᠤ ᠭᠢ ᠬᠠᠯᠪᠠᠭ᠎ᠠ ᠬᠤᠭᠤᠯᠠ ᠶᠢ ᠵᠢᠭᠠᠵᠤ ᠨᠤᠮ ᠶᠢᠡᠨ ᠳᠠᠭᠢᠨ ᠪᠢᠰᠢᠯᠭᠠᠵᠤ ᠭᠡᠨ᠎ᠡ᠃

ᠡᠭᠦᠨ ᠢ ᠥᠵᠡᠭᠡᠳ ᠰᠠᠨᠠᠭ᠎ᠠ ᠵᠤᠪᠠᠭᠰᠠᠨ ᠬᠠᠭᠠᠨ᠄ 《ᠭᠠᠭᠴᠠ ᠪᠢ ᠪᠠᠰᠠ ᠢᠳᠡᠭᠡᠳ ᠭᠦᠢᠴᠡᠭᠦ ᠦᠭᠡᠶ ᠪᠠᠢ᠌ᠳᠠᠯ᠎ᠠ ᠶᠠᠭᠠᠭᠢᠨ ᠮᠢᠩᠭ᠋ᠠᠨ ᠴᠡᠷᠢᠭ᠌ ᠮᠤᠷᠢ ᠢᠳᠠᠵᠤ ᠭᠦᠢᠴᠡᠭᠦ ᠪᠣᠢ ︖》 ᠭᠡᠵᠤ ᠴᠢᠮᠠᠯᠠᠨ ᠠᠰᠠᠭᠤᠭᠰᠠᠨ ᠳᠤ ᠳ᠋ᠢᠶᠠᠠᠴᠢ ᠶᠢᠨ ᠯᠠᠮᠠ᠄ 《ᠬᠠᠭᠠᠨ ᠡᠵᠡᠨ ᠳᠠ ᠪᠢᠳᠡᠭᠡᠢ ᠴᠢᠮᠠᠯᠠ᠂ ᠡᠨᠡ ᠴᠠᠢ ᠪᠣᠳᠠᠭ᠎ᠠ᠂ ᠡᠵᠡᠨ ᠳᠠᠨ ᠤ ᠴᠡᠷᠢᠭ᠌ ᠪᠠᠢ᠌ᠳᠤᠭᠠᠢ ᠡᠩ ᠳᠡᠯᠡᠭᠡᠢ ᠶᠢᠨ ᠭᠦᠮᠦᠰ ᠢᠳᠠᠪᠠᠴᠤ ᠳᠤᠠᠳᠠᠷᠠᠰᠢ ᠦᠭᠡᠶ ᠶᠤᠮ》 ᠭᠡᠵᠤ ᠭᠡᠯᠡᠭᠡᠳ ᠪᠠᠰᠠ ᠯᠠ ᠨᠤᠮ ᠶᠢᠡᠨ ᠣᠩᠰᠢᠪᠠ᠃

ᠬᠠᠭᠠᠨ ᠡᠵᠡᠨ ᠳᠠᠷᠠ ᠬᠤᠭᠤᠯᠠ ᠶᠢ ᠢᠳᠡᠭ᠍ᠰᠡᠨ ᠳᠤ ᠥᠨᠡᠭᠡᠷ ᠥᠰᠦᠭᠡᠳ ᠯᠠ ᠪᠠᠢ᠌ᠭᠰᠠᠨ ᠪᠣᠯᠬᠤᠷ ᠮᠢᠩᠭ᠎ᠠ ᠢᠯᠡᠭᠦᠤ ᠭᠦᠮᠤᠨ ᠢᠳᠡᠭ᠍ᠰᠡᠨ ᠴᠤ ᠳᠤᠠᠳᠠᠷᠠᠭᠰᠠᠨ ᠦᠭᠡᠶ ᠭᠡᠨ᠎ᠡ᠃ ᠡᠭᠦᠨ ᠳᠤ ᠬᠠᠭᠠᠨ ᠡᠵᠡᠨ ᠬᠤᠪᠢᠯᠭᠠᠨ ᠠᠷᠰᠢ ᠳᠤ ᠣᠴᠠᠷᠠᠪᠠ ᠦᠦ ᠭᠡᠮᠡᠨ ᠶᠡᠭᠡᠳᠡ ᠰᠥᠵᠢᠭ᠌ ᠳᠦᠷᠤᠵᠤ᠄

《ᠬᠤᠪᠢᠯᠭᠠᠨ ᠠᠷᠰᠢ ᠳᠠ ᠶᠠᠭᠤ ᠠᠪᠬᠤ ᠳᠤᠷ᠎ᠠ ᠲᠡᠶ ᠪᠣᠯ ᠳᠡᠭᠦᠨ ᠶᠢᠡᠨ ᠰᠤᠩᠭ᠋ᠤᠵᠤ ᠠᠪ》 ᠭᠡᠭᠦ ᠳᠤ ᠳ᠋ᠢᠶᠠᠠᠴᠢ ᠶᠢᠨ ᠯᠠᠮᠠ ᠳᠤᠷᠭᠠᠨ ᠣᠷᠭᠢᠮᠵᠢ ᠪᠠᠨ ᠵᠢᠭᠠᠵᠤ᠄

《ᠶᠠᠳᠠᠭᠤ ᠬᠤᠸᠠᠷᠠᠭ ᠨᠠᠳᠠ ᠡᠭᠦᠨ ᠤ ᠭᠢᠷᠢ ᠨᠤᠳᠤᠭ ᠬᠠᠢ᠌ᠷᠠᠯᠠᠭᠳᠤᠨ》 ᠭᠡᠵᠤ ᠭᠡᠯᠡᠭ᠍ᠰᠡᠨ ᠭᠡᠨ᠎ᠡ᠃ ᠬᠠᠭᠠᠨ ᠡᠵᠡᠨ ᠡᠭᠦᠨ ᠢ ᠰᠤᠨᠤᠰᠤᠭᠠᠤᠨ ᠬᠠᠳᠠᠭᠠᠨᠠᠳᠠᠯ᠎ᠠ ᠢᠨᠢᠶᠠᠵᠤ ᠄

《ᠡᠳᠥᠢᠭᠡᠨ ᠭᠠᠵᠠᠷ ᠶᠢᠡᠷ ᠶᠠᠭᠤ ᠭᠢᠭᠦ ᠪᠣᠢ ︖ ᠳᠠ ᠳᠤᠷ᠎ᠠ ᠪᠠᠷ ᠶᠢᠡᠨ ᠠᠪ》 ᠭᠡᠵᠤ ᠭᠡᠯᠡᠵᠡᠢ᠃

ᠲ᠋ᠠᠷᠠ ᠳ᠋ᠢᠶᠠᠠᠴᠢ ᠶᠢᠨ ᠯᠠᠮᠠ ᠠᠴᠢᠮᠠᠭ ᠤᠨ ᠠᠭᠤᠯᠠᠨ ᠳᠤ ᠠᠪᠠᠷᠢᠨ ᠭᠠᠷᠴᠤ᠂ ᠠᠮᠠᠨ ᠳᠠᠷᠨᠢ ᠪᠠᠨ ᠣᠩᠰᠢᠭᠰᠠᠨ ᠳᠤ ᠰᠢᠷ᠎ᠠ ᠳᠤᠷᠭᠠᠨ ᠣᠷᠭᠢᠮᠵᠢ ᠨᠢ ᠬᠤᠷᠤᠮᠬᠠᠨ ᠵᠠᠭᠤᠷ᠎ᠠ ᠳᠠᠪᠤᠨ ᠥᠩᠭᠡ ᠶᠢᠨ ᠡᠭᠦᠯᠡ ᠪᠣᠯᠤᠨ ᠬᠤᠪᠢᠯᠵᠤ ᠪᠣᠷᠤᠭᠠᠨ ᠣᠷᠤᠪᠠ᠃

《ᠬᠠᠭᠠᠨ ᠡᠵᠡᠨ ᠦᠷᠦᠰᠢᠶᠡᠭ᠍ᠳᠤᠨ᠂ ᠪᠣᠷᠤᠭᠠᠨ ᠣᠷᠤᠭᠰᠠᠨ ᠭᠠᠵᠠᠷ ᠪᠦᠷ ᠮᠢᠨᠤ ᠭᠢ ᠪᠣᠯᠳᠤᠭᠠᠢ》 ᠭᠡᠰᠡᠨ ᠳᠤ ᠬᠠᠭᠠᠨ ᠡᠵᠡᠨ ᠠᠷᠭ᠎ᠠ ᠦᠭᠡᠶ ᠵᠦᠪᠰᠢᠶᠠᠷᠠᠵᠤ᠂ 《ᠭᠦᠷᠢᠶ᠎ᠡ》 ᠭᠡᠵᠤ ᠨᠡᠷᠡᠢ᠌ᠳᠦᠭ᠍ᠰᠡᠨ ᠭᠡᠨ᠎ᠡ᠃


             ᠊᠊᠊᠊᠊᠊᠊᠊᠊᠊᠊᠊᠊᠊᠊ 《ᠵᠢᠷᠢᠮ ᠤᠨ ᠭᠠᠵᠠᠷ ᠤᠨ ᠨᠠᠷ᠎ᠠ ᠶᠢᠨ ᠳᠤᠮᠤᠭ》 (ᠬᠤᠶᠠᠷ ᠮᠢᠩᠭ᠋ᠠᠨ ᠠᠷᠪᠠᠨ ᠣᠨ ᠤ ᠳᠦᠷᠪᠠᠳᠦᠭᠡᠷ ᠰᠠᠷ᠎ᠠ ᠳᠤ ᠭᠡᠪᠯᠡᠨ ᠳᠠᠷᠬᠠᠭᠠᠭᠰᠠᠨ ᠨᠤᠮ) ᠡᠴᠠ ᠰᠠᠢ᠌ᠯᠪᠣᠷᠢᠯᠠᠪᠠ


ᠵᠤᠬᠢᠶᠠᠭᠴᠢ ᠶᠢᠨ ᠬᠠ‍‌ᠶᠢᠭ ᠄ ᠠᠯᠠᠱᠠ ᠷᠠᠳᠢᠤ᠋ ᠬᠤᠷᠢᠶ᠎ᠠ

ᠵᠤᠬᠢᠶᠠᠭᠴᠢ᠄ ᠸᠠᠩᠴᠢᠨ ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7450
ᠴᠠᠭ᠄ 2011 ᠤᠨ ᠤ 10 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ