ᠨᠡᠪᠲᠡᠷᠡᠨ ᠤᠷᠤᠬᠤ
ᠮᠢᠨᠤ ᠡᠩ ᠤᠨ ᠣᠢ᠌ᠯᠠ ᠶᠠᠷᠤ ᠶᠢᠨ ᠶᠠᠪᠣᠳᠠᠯ ᠤᠳ

ᠡᠩ ᠤᠨ ᠣᠢ᠌ᠯᠠ᠂ ᠶᠠᠷᠤ ᠶᠢᠨ ᠶᠠᠪᠣᠳᠠᠯ ᠊᠊᠊᠊᠊᠊᠊᠊᠊᠊᠊᠊᠊᠊᠊ ᠮᠢᠨᠤ ᠠᠮᠢᠳᠤᠷᠠᠯ ᠤᠨ ᠦᠨᠳᠦᠰᠦᠨ ᠵᠣᠢ᠌ᠯ᠂ ᠪᠢ ᠡᠩ ᠤᠨ ᠭᠢ ᠳᠤ ᠪᠠᠨ ᠳᠤᠷᠠᠯᠠᠨ ᠶᠠᠷᠤ ᠶᠢᠨ ᠭᠢ ᠳᠤ ᠪᠠᠨ ᠰᠤᠭᠳᠤᠭᠤᠷᠠᠨ ᠵᠤᠠᠵᠢᠨ᠎ᠠ᠃

ᠡᠩ ᠤᠨ ᠣᠢ᠌ᠯᠠ ᠶᠠᠷᠤ ᠶᠢᠨ ᠶᠠᠪᠣᠳᠠᠯ ᠡᠴᠡ ᠪᠠᠨ ᠪᠢ ᠶᠠᠷᠤᠨᠢ ᠣᠢ᠌ᠰᠤᠭ᠎ᠠ ᠦᠭᠡᠶ ᠬᠠᠷᠢᠨ ᠶᠠᠪᠣᠬᠤ ᠳᠤᠳᠤᠮ ᠣᠯᠠᠮ ᠰᠤᠭᠳᠤᠭᠤᠷᠠᠨ ᠪᠠᠬᠠᠳᠠᠢ ᠡᠴᠡ ᠪᠠᠨ ᠪᠢᠰᠢᠷᠠᠯᠳᠠᠢ ᠭᠦᠡᠳᠦᠳᠭᠡᠯᠳᠡᠢ ᠪᠣᠯᠭᠠᠨ ᠭᠦᠭᠡᠭᠡᠴᠡᠯᠳᠤᠨ ᠬᠠᠢ᠌ᠷᠠᠯᠠᠨ ᠡᠷᠭᠢᠮᠨᠡᠭᠦ ᠪᠣᠯᠤᠭᠰᠠᠨ᠃

ᠠᠳᠠᠯ ᠭᠡᠷ ᠤᠨ ᠠᠵᠤ ᠠᠮᠢᠳᠤᠷᠠᠯ ᠡᠴᠡ ᠠᠵᠢᠯ ᠣᠢ᠌ᠯᠠᠰ ᠤᠨ ᠠᠯᠤᠰ ᠤᠨ ᠭᠦᠭᠡᠭᠡᠴᠡᠯᠳᠦᠯ ᠭᠦᠷᠳᠡᠯᠡᠭᠢ ᠠᠯᠢ ᠪᠦᠭᠦᠨ ᠮᠠᠨᠢ ᠡᠩ ᠤᠨ ᠭᠢ ᠪᠠᠷ ᠭᠠᠳᠠᠷᠯᠠᠨ ᠶᠠᠷᠤ ᠶᠢᠨ ᠭᠢ ᠪᠠᠷ ᠰᠢᠮᠠᠳᠠᠯᠠᠨ ᠡᠨᠡ ᠪᠦᠭᠦᠨ ᠳᠤ ᠪᠠᠨ ᠭᠦᠴᠤ ᠪᠠᠨ ᠬᠠᠷᠠᠮ ᠦᠭᠡᠶ ᠵᠤᠷᠢᠭᠤᠯᠤᠨ ᠰᠡᠳᠭᠢᠯ ᠶᠢᠡᠨ ᠴᠥᠭᠦᠷᠡᠯ ᠦᠭᠡᠶ ᠵᠥᠳᠡᠭᠡᠨ ᠬᠠᠷᠠᠮᠰᠠᠯ᠂ ᠭᠡᠮᠰᠢᠯ ᠪᠠᠢ᠌ᠭ᠎ᠠ ᠦᠭᠡᠶ ᠳᠤᠮᠢᠶᠠᠳᠠᠢ᠌ᠬᠠᠨ ᠳᠤᠭᠤᠯᠵᠤ ᠢᠷᠡᠭ᠍ᠰᠡᠨ᠃

ᠠᠳᠠᠯ ᠭᠡᠷ ᠤᠨ ᠠᠮᠢᠳᠤᠷᠠᠯ ᠊᠊᠊᠊᠊᠊᠊᠊᠊᠊᠊᠊᠊᠊᠊ ᠠᠮᠠᠷᠠᠭ ᠨᠥᠭᠦᠷ᠂ ᠠᠩᠭ᠎ᠠ ᠵᠤᠯᠵᠠᠭ᠎ᠠ᠃ ᠠᠪᠣ ᠡᠵᠢ ᠠᠴᠢᠳᠠᠨ ᠵᠢᠦᠡᠭᠦᠯᠳᠡᠨ ᠲᠡᠶ ᠪᠠᠨ ᠡᠩ ᠳᠤ ᠪᠠᠨ ᠢᠯᠡᠭᠦᠭᠡᠨ ᠬᠠᠷᠢᠴᠠᠵᠤ ᠶᠠᠷᠤ ᠳᠤ ᠪᠠᠨ ᠡᠷᠭᠢᠮᠨᠡᠳᠡᠭ᠌᠃

ᠠᠮᠠᠷᠠᠭ ᠨᠥᠭᠦᠷ ᠲᠡᠶ ᠪᠠᠨ ᠡᠩ ᠳᠤ ᠪᠠᠨ ᠶᠠᠷᠢᠯᠴᠠᠳᠠᠭ᠃ ᠦᠵᠡᠯᠳᠠ ᠪᠣᠳᠤᠯᠳᠠ ᠪᠠᠨ ᠰᠤᠯᠢᠯᠴᠠᠳᠠᠭ᠂ ᠶᠠᠷᠢᠬᠤ ᠳᠤᠷᠠᠳᠠᠢ ᠮᠢᠨᠤ ᠦᠵᠡᠯᠳᠠ ᠳᠠᠨᠢᠯᠳᠠ ᠳᠤᠳᠤᠷᠬᠠᠢ ᠶᠠᠭᠤ ᠪᠣᠳᠤᠪᠠᠯ ᠶᠠᠭᠤ ᠪᠠᠨ ᠶᠠᠷᠢᠵᠤ ᠊᠊᠊᠊᠊᠊᠊᠊᠊᠊᠊᠊᠊᠊᠊ ᠡᠩ ᠤᠨ ᠶᠠᠷᠢᠶ᠎ᠠ᠂ ᠶᠠᠷᠤ ᠶᠢᠨ ᠶᠠᠪᠣᠳᠠᠯ᠂᠂ ᠠᠭᠤᠷᠯᠠᠪᠠᠯ ᠠᠭᠤᠷᠰᠠᠵᠤ᠂ ᠪᠠᠶᠠᠷᠯᠠᠪᠠᠯ ᠪᠠᠶᠠᠷᠯᠠᠵᠤ᠂ ᠪᠠᠭ᠎ᠠ ᠭᠡᠷᠡᠭ᠌ ᠢ ᠶᠡᠭᠡᠰᠭᠡᠭᠦ ᠡᠴᠡ ᠭᠢᠴᠢᠶᠠᠨ᠂ ᠶᠡᠭᠡ ᠭᠡᠷᠡᠭ᠌ ᠢ ᠭᠦᠩᠭᠡᠪᠴᠢᠯᠡᠭᠦ ᠡᠴᠡ ᠠᠩᠬᠠᠷᠤᠨ᠎ᠠ᠂ ᠠᠮᠠᠷᠠᠭ ᠨᠥᠭᠦᠷ ᠪᠠ ᠠᠴᠢᠳᠠᠨ ᠵᠢᠦᠡᠭᠦᠯᠳᠡᠨ ᠠᠯᠢ ᠪᠦᠭᠦᠨ ᠤ ᠡᠮᠤᠨ᠎ᠡ ᠭᠡᠳᠤ ᠠᠮᠢᠠᠴᠢᠷ ᠪᠠᠢ᠌ᠬᠤ ᠡᠴᠡ ᠭᠢᠴᠢᠶᠠᠨ᠎ᠡ᠂ ᠦᠨᠡᠠᠴᠢ ᠪᠠᠢ᠌ᠬᠤ ᠶᠢ ᠡᠷᠭᠢᠮᠨᠡᠭᠦ ᠊᠊᠊᠊᠊᠊᠊᠊᠊᠊᠊᠊᠊᠊᠊ ᠮᠢᠨᠤ ᠡᠩ ᠤᠨ ᠠᠮᠢᠳᠤᠷᠠᠯ ᠤᠨ ᠭᠡᠪ ᠤᠨ ᠵᠤᠷᠰᠢᠯ᠃

ᠦᠷ᠎ᠡ ᠵᠤᠯᠵᠠᠭ᠎ᠠ ᠳᠤ ᠪᠠᠨ ᠊᠊᠊᠊᠊᠊᠊᠊᠊᠊᠊᠊᠊᠊᠊ ᠡᠩ ᠤᠨ ᠬᠠᠷᠢᠴᠠᠯ ᠢ ᠭᠦᠡᠳᠦᠳᠭᠡᠨ ᠡᠷᠭᠢᠮᠨᠡᠨ ᠡᠩ ᠤᠨ ᠱᠠᠭᠠᠷᠳᠠᠯᠭ᠎ᠠ ᠶᠢ ᠭᠦᠡᠳᠦᠳᠭᠡᠨ᠎ᠡ᠂᠂

ᠦᠭᠢᠨ ᠲᠡᠶ ᠪᠠᠨ ᠪᠢ ᠡᠩ ᠤᠨ ᠬᠠᠷᠢᠴᠠᠯ ᠢ ᠭᠦᠡᠳᠦᠳᠭᠡᠨ ᠡᠩ ᠤᠨ ᠱᠠᠭᠠᠷᠳᠠᠯᠭ᠎ᠠ ᠶᠢ ᠡᠷᠭᠢᠮᠨᠡᠳᠡᠭ᠌᠃

ᠭᠠᠯᠪᠠ ᠳᠡᠭᠡᠷᠡᠭᠢ ᠭᠠᠭᠴᠠᠬᠠᠨ ᠦᠷ᠎ᠡ ᠮᠢᠨᠢ ᠭᠠᠳᠠᠷ ᠪᠠᠢ᠌ᠳᠠᠯ ᠡᠴᠡ ᠪᠠᠨ ᠮᠢᠨᠤᠭᠢ ᠭᠡᠵᠤ ᠭᠡᠨ ᠴᠤ ᠮᠠᠭᠠᠳᠯᠠᠬᠤ ᠶᠢᠨ ᠠᠷᠭ᠎ᠠ ᠪᠠᠢ᠌ᠭ᠎ᠠ ᠦᠭᠡᠶ ᠴᠤ ᠪᠣᠳᠤᠭᠰᠠᠨ ᠶᠢᠡᠨ ᠶᠠᠷᠢᠨ ᠥᠵᠡᠭ᠍ᠰᠡᠨ ᠶᠢᠡᠨ ᠳᠡᠯᠭᠡᠭᠦ ᠊᠊᠊᠊᠊᠊᠊᠊᠊᠊᠊᠊᠊᠊᠊ ᠶᠠᠷᠢᠨ ᠭᠦᠭᠡᠷᠭᠦ ᠠᠭᠠᠯᠢ ᠨᠢ ᠠᠷᠭ᠎ᠠ ᠦᠭᠡᠶ ᠠᠳᠠᠯᠢ ᠪᠠᠢ᠌ᠯ᠎ᠠ ᠊᠊᠊᠊᠊᠊᠊᠊᠊᠊᠊᠊᠊᠊᠊   ᠵᠦᠪ ᠶᠤᠰᠤ ᠳᠡᠯᠭᠡᠨ ᠦᠵᠡᠯᠳᠠ ᠳᠠᠨᠢᠯᠳᠠ ᠪᠠᠨ ᠨᠤᠳᠠᠯᠠᠨ ᠣᠬᠠᠳᠠᠭ ᠨᠢ ᠮᠢᠨᠤ ᠦᠷ᠎ᠡ ᠳᠤ ᠪᠠᠨ ᠬᠠᠨᠤᠮᠵᠢᠳᠠᠢ ᠰᠡᠳᠭᠢᠯ ᠳᠡᠨᠢᠭᠦᠭᠡᠨ ᠶᠠᠪᠣᠳᠠᠭ ᠡᠩ ᠤᠨ ᠰᠠᠳᠭᠢᠴᠠ᠃

ᠦᠬᠢᠨ ᠲᠡᠶ ᠪᠠᠨ ᠪᠢ ᠠᠮᠠᠷᠠᠭ ᠨᠥᠭᠦᠷ ᠲᠡᠶ ᠪᠠᠨ ᠶᠠᠷᠢᠯᠴᠠᠬᠤ ᠡᠴᠡ ᠳᠤᠳᠠᠭᠤ ᠦᠭᠡᠶ ᠰᠡᠳᠭᠢᠯ ᠶᠢᠡᠨ ᠳᠡᠯᠭᠡᠳᠡᠭ᠌ ᠨᠢ ᠡᠩ ᠤᠨ ᠣᠢ᠌ᠯᠠ᠃ ᠶᠠᠭᠤ ᠪᠣᠳᠤᠵᠤ ᠪᠠᠢ᠌ᠭ᠎ᠠ ᠶᠠᠭᠤ ᠭᠦᠰᠡᠨ ᠶᠠᠪᠣᠭ᠎ᠠ᠂ ᠶᠠᠭᠠᠭᠢᠵᠤ ᠰᠤᠷᠤᠯᠴᠠᠨ ᠪᠠᠢ᠌ᠭ᠎ᠠ ᠊᠊᠊᠊᠊᠊᠊᠊᠊᠊᠊᠊᠊᠊᠊ ᠭᠡᠢ᠌ᠰᠪᠦᠷᠢ ᠵᠣᠢ᠌ᠯ ᠢ ᠭᠡᠳᠤ ᠣᠬᠤᠴᠢᠯᠠᠬᠤ ᠡᠴᠡ ᠡᠩ ᠳᠤ ᠪᠠᠨ ᠴᠡᠭᠡᠷᠯᠡᠳᠡᠭ᠌᠂ ᠬᠠᠷᠢᠨ ᠰᠤᠷᠤᠯᠴᠠᠨ ᠪᠠᠢ᠌ᠭ᠎ᠠ ᠣᠪᠣᠷ ᠢ ᠨᠢ ᠠᠵᠢᠳᠠᠭ᠂ ᠰᠤᠷᠭᠠᠭᠤᠯᠢ ᠳᠤ ᠪᠠᠢ᠌ᠭ᠎ᠠ ᠦᠵᠡᠯᠳᠠ ᠶᠢ ᠨᠢ ᠣᠬᠠᠳᠠᠭ ᠪᠠᠭᠰᠢ ᠶᠢᠨ ᠭᠢᠨᠢ ᠳᠤᠬᠠᠢ᠂ ᠨᠥᠭᠦᠤᠨ ᠤᠨ ᠭᠢᠨᠢ ᠳᠤᠬᠠᠢ ᠠᠪᠣ ᠶᠢᠨ ᠭᠢᠨᠢ ᠳᠤᠬᠠᠢ ᠦᠪᠡᠷ ᠤᠨ ᠶᠢᠡᠨ ᠳᠤᠬᠠᠢ ᠢᠷᠡᠭᠡᠳᠦᠢ ᠶᠢᠨ ᠭᠢᠨᠢ ᠳᠤᠬᠠᠢ ᠊᠊᠊᠊᠊᠊᠊᠊᠊᠊᠊᠊᠊᠊᠊ ᠡᠩ ᠳᠤ ᠪᠠᠨ ᠶᠠᠭᠤ ᠪᠣᠳᠤᠵᠤ᠂ ᠶᠠᠭᠠᠭᠢᠵᠤ ᠰᠠᠳᠭᠢᠨ ᠪᠠᠢ᠌ᠭ᠎ᠠ ᠶᠢ ᠨᠢ ᠡᠷᠡᠭᠡᠯᠵᠡᠯ ᠦᠭᠡᠶ ᠡᠩ ᠲᠡᠶ ᠶᠠᠷᠢᠯᠴᠠᠳᠠᠭ᠂ ᠶᠠᠮᠠᠷ ᠪᠠᠢ᠌ᠳᠠᠯ ᠳᠤᠤᠷ᠎ᠠ ᠶᠠᠭᠠᠭᠢᠵᠤ ᠰᠡᠳᠭᠢᠯ ᠭᠦᠳᠡᠯᠤᠨ ᠳᠤᠭᠳᠤᠯᠤᠨ ᠪᠠᠢ᠌ᠭ᠎ᠠ ᠪᠠᠢ᠌ᠳᠠᠯ ᠢ ᠨᠢ ᠠᠵᠢᠨ ᠠᠩᠬᠠᠷᠳᠠᠭ᠃ ᠪᠠᠬᠠᠨ ᠬᠠᠵᠢ᠌ᠬᠤ ᠶᠠᠩᠵᠤ ᠲᠡᠶ ᠪᠠᠢ᠌ᠪᠠᠯ ᠶᠠᠷᠢᠨ ᠰᠡᠭᠡᠭᠡᠷᠡᠭᠦᠯᠤᠨ ᠦᠵᠡᠯᠳᠠ ᠪᠠᠨ ᠳᠤᠳᠤᠯᠠᠳᠠᠭ᠂ ᠥᠨᠡᠮᠰᠢᠭᠦᠯᠤᠨ ᠢᠳᠡᠭᠡᠭᠦᠯᠳᠡᠭ᠌᠃ ᠠᠪᠤᠨ ᠳᠤᠤᠷ᠎ᠠ ᠪᠠᠨ ᠮᠠᠳᠠᠷᠠᠨ ᠭᠦᠯᠢᠶᠡᠨ ᠠᠪᠳᠠᠭ ᠦᠭᠡᠶ ᠴᠤ ᠪᠠᠬᠠᠨ ᠣᠳᠠᠰᠭᠢᠪᠠᠯ ᠣᠬᠠᠭᠠᠷᠠᠨ ᠪᠣᠷᠤᠭᠤ ᠪᠠᠨ ᠮᠠᠳᠠᠷᠠᠨ ᠴᠢᠳᠠᠳᠠᠭ ᠨᠢ ᠮᠢᠨᠤ ᠭᠡᠦᠭᠡᠨ ᠤ ᠰᠠᠢ᠌ᠬᠠᠨ ᠰᠤᠷᠳᠠᠯ ᠭᠡᠵᠤ ᠪᠢ ᠡᠩ ᠳᠤ ᠪᠠᠨ ᠮᠠᠭᠳᠠᠬᠤ ᠵᠣᠢ᠌ᠯ ᠢ ᠨᠢ ᠮᠠᠭᠳᠠᠨ ᠪᠣᠷᠤᠭᠤᠰᠢᠶᠠᠬᠤ ᠵᠣᠢ᠌ᠯ ᠢ ᠨᠢ ᠪᠣᠷᠤᠭᠤᠰᠢᠶᠠᠨ ᠊᠊᠊᠊᠊᠊᠊᠊᠊᠊᠊᠊᠊᠊᠊ ᠠᠮᠢᠳᠤᠷᠠᠯ ᠤᠨ ᠶᠢᠡᠨ ᠡᠷᠭᠢᠮ ᠵᠣᠢ᠌ᠯ ᠨᠠᠠᠳᠢᠨ ᠰᠤᠷᠳᠠᠯ ᠪᠣᠯᠭᠠᠳᠠᠭ᠃

ᠡᠮᠡᠭ᠍ᠳᠡᠢ ᠭᠦᠮᠤᠨ ᠤ ᠳᠦᠷᠤᠯᠭᠢ ᠶᠢᠨ ᠠᠪᠢᠶᠠᠰ ᠊᠊᠊᠊᠊᠊᠊᠊᠊᠊᠊᠊᠊᠊᠊ ᠭᠤᠶᠤᠯᠠᠯ ᠵᠠᠰᠠᠯ ᠤᠨ ᠵᠠᠢ ᠳᠤ ᠪᠢ ᠭᠡᠳᠤ ᠴᠢᠮᠠᠨ ᠭᠡᠳᠦᠷᠭᠡᠢ ᠭᠠᠩᠭ᠋ᠠᠯᠠᠬᠤ ᠡᠴᠡ ᠭᠢᠴᠢᠶᠡᠳᠡᠭ᠌᠂ ᠡᠩ ᠤᠨ ᠪᠠᠢ᠌ᠭᠠᠯᠢᠯᠢᠭ ᠭᠤᠶᠤᠯᠠᠯ ᠢ ᠯᠠ ᠵᠤᠷᠢᠳᠠᠭ ᠨᠢ ᠊᠊᠊᠊᠊᠊᠊᠊᠊᠊᠊᠊᠊᠊᠊ ᠦᠪᠡᠷ ᠶᠢᠡᠨ ᠴᠤ ᠡᠨᠡ ᠳᠠᠯ᠎ᠠ ᠪᠠᠷ ᠴᠢᠳᠠᠯ ᠦᠭᠡᠶ ᠦᠦ︖ ᠴᠢᠳᠠᠪᠣᠷᠢ ᠦᠭᠡᠶ ᠦᠦ︖ ᠭᠡᠯᠡᠭᠦᠶ᠎ᠡ ᠪᠠᠷᠭᠡ ᠪᠠᠢ᠌ᠯ᠎ᠠ᠃

ᠡᠮᠦᠰᠴᠤ ᠵᠡᠭᠦᠭᠦ ᠪᠠᠨ ᠴᠤ ᠳᠠᠷᠢ ᠳᠡᠭ᠍ᠰᠢ᠂ ᠲᠦᠪ ᠡᠷᠭᠢᠮᠰᠦᠭ᠌ ᠢ ᠯᠠ ᠭᠢᠴᠢᠶᠡᠳᠡᠭ᠌ ᠮᠠᠨᠢ ᠷᠤᠮᠠᠠᠲ᠋ᠢᠭᠯᠠᠨ ᠴᠢᠳᠠᠬᠤ ᠦᠭᠡᠶ ᠶᠢᠨ ᠳᠤᠷᠤᠢ ᠠᠪᠣᠷᠢ ᠪᠠᠢ᠌ᠵᠤ ᠴᠤ ᠮᠡᠳᠡᠭᠡ ᠴᠤ ᠪᠢ ᠦᠪᠡᠷ ᠢ ᠪᠠᠨ ᠥᠭᠡᠷᠡᠴᠢᠯᠡᠭᠦ ᠶᠢ ᠰᠠᠨᠠᠳᠠᠭ ᠦᠭᠡᠶ ᠊᠊᠊᠊᠊᠊᠊᠊᠊᠊᠊᠊᠊᠊᠊ ᠡᠩ ᠤᠨ ᠭᠦᠮᠤᠨ ᠪᠠᠢ᠌ᠯ᠎ᠠ᠃

ᠠᠵᠢᠯ ᠣᠢ᠌ᠯᠠᠰ ᠤᠨ ᠳᠠᠯ᠎ᠠ ᠪᠠᠷ ᠡᠩ ᠳᠤ ᠪᠠᠨ ᠦᠪᠡᠷ ᠢ ᠪᠠᠨ ᠴᠢᠩᠭ᠎ᠠ ᠱᠠᠭᠠᠷᠳᠠᠳᠠᠭ᠃ ᠡᠷᠳᠡ ᠪᠣᠴᠠᠬᠤ ᠦᠭᠡᠶ᠂ ᠣᠷᠤᠢ ᠣᠴᠢᠬᠤ ᠦᠭᠡᠶ᠂ ᠵᠠᠷᠴᠢᠮ ᠵᠢᠷᠤᠮ ᠡᠴᠡ ᠳᠡᠷᠰᠯᠡᠭᠦ ᠡᠴᠡ ᠥᠭᠦᠨ ᠭᠢᠴᠢᠶᠡᠳᠡᠭ᠌᠂ ᠭᠢᠴᠢᠶᠠᠯ ᠤᠨ ᠴᠠᠭ ᠲᠤ ᠪᠠᠨ ᠡᠩ ᠳᠤ ᠪᠠᠨ ᠰᠤᠷᠤᠭᠴᠢᠳ ᠢ ᠠᠵᠢᠨ ᠴᠢᠩᠭ᠎ᠠ ᠱᠠᠭᠠᠷᠳᠠᠨ ᠰᠡᠳᠭᠢᠯ ᠢ ᠨᠢ ᠣᠯᠬᠤ ᠶᠢ ᠭᠦᠰᠡᠮᠵᠢᠯᠡᠨ ᠵᠢᠯᠤᠭᠤᠤᠠᠳᠠᠭ᠃

ᠪᠢ ᠡᠩ ᠳᠤ ᠳᠤᠷᠠᠳᠠᠢ᠃ ᠡᠩ ᠶᠡᠷᠦᠮᠳᠡᠭ᠌ ᠢ ᠭᠡᠵᠢᠶᠡᠳᠡ ᠡᠷᠭᠢᠮᠨᠡᠨ ᠡᠩ ᠤᠨ ᠣᠢ᠌ᠯᠠ ᠶᠢ ᠣᠷᠳᠤ ᠴᠠᠭ ᠦᠷᠭᠦᠯᠵᠢᠯᠡᠭᠦᠯᠤᠨ ᠴᠢᠳᠠᠪᠠᠯ ᠮᠦᠨ ᠴᠤ ᠠᠭᠤᠤ ᠶᠡᠭᠡ ᠶᠢᠨ ᠬᠠᠭᠠᠯᠭ᠎ᠠ ᠶᠢ ᠳᠤᠭᠰᠢᠵᠤ ᠪᠣᠯᠬᠤ ᠪᠠᠢ᠌ᠬ᠎ᠠ ᠳ᠋ᠠ᠃


20100516 (ᠭᠡᠷ ᠲᠤ ᠪᠠᠨ)


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠰᠢᠵᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6134
ᠴᠠᠭ᠄ 2010 ᠤᠨ ᠤ 07 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ