☆ ᠪᠣᠷᠵᠢᠭᠢᠨ ᠬᠠᠰ
ᠮᠤᠩᠭ᠋ᠤᠯ ᠪᠣᠷᠤᠭᠠᠨ
ᠬᠤᠭᠤᠷ ᠤᠨ ᠡᠭᠡᠰᠢᠭ᠌ ᠳᠤᠨᠢ ᠭᠦᠭ᠌ ᠨᠡᠢ᠌ᠯᠡᠭᠦᠯᠵᠤ
ᠬᠠᠭᠰᠠᠷᠠᠠᠰᠠᠨ ᠳᠡᠭ᠍ᠷᠢ ᠭᠡᠩᠭᠡᠷᠭᠡ ᠳᠠᠯᠠᠳᠤᠨ᠎ᠡ᠂
ᠭᠦᠭᠡᠮᠡᠢ ᠠᠠᠳᠠᠢ ᠳ᠋ᠤᠨᠢ ᠭᠡᠷᠡᠯ ᠬᠠᠪᠰᠤᠷᠭᠠᠵᠤ
ᠬᠤᠪᠢᠯᠭᠠᠨ ᠰᠠᠭᠢᠭᠤᠯᠰᠤᠨ ᠭᠢᠯᠪᠠᠭᠡᠨ ᠴᠠᠭᠢᠯᠤᠨ᠎ᠠ᠃
ᠬᠤᠮᠰᠢᠮ ᠪᠦᠳᠢᠰᠳ᠋ᠸᠠ ᠡᠭᠦᠯᠡ ᠭᠦᠯᠭᠡᠯᠡᠵᠤ
ᠬᠤᠷ᠎ᠠ ᠷᠠᠰᠢᠶᠠᠨ ᠶᠢᠡᠨ ᠰᠦᠷᠴᠢᠨ ᠪᠦᠵᠢᠭᠯᠡᠨ᠎ᠡ᠂
ᠬᠤᠨᠢᠴᠢᠨ ᠭᠡᠦᠭᠡᠨ ᠪᠣᠷᠤᠭᠠᠨ ᠰᠦᠪᠡᠯᠠᠵᠤ
ᠭᠡᠮᠡᠷᠯᠢᠭ᠌ ᠳᠠᠯ᠎ᠠ ᠶᠢ ᠨᠤᠭᠤᠭᠠᠨ ᠶᠢᠡᠷ ᠰᠢᠪᠠᠨᠠ᠃
ᠠᠳᠤᠭᠤᠨ ᠰᠦᠷᠦᠭ᠌ ᠨᠤᠲ᠋ ᠭᠢᠰᠭᠢᠵᠤ
ᠠᠶᠠᠰ ᠨᠠᠮᠠᠷᠢᠯᠠᠨ ᠳᠦᠪᠠᠷᠭᠡᠨ ᠡᠭᠦᠰᠭᠡᠨ᠎ᠡ᠂
ᠬᠤᠨᠢᠨ ᠰᠦᠷᠦᠭ᠌ ᠥᠵᠡᠮᠦᠷᠢ ᠪᠣᠯᠵᠤ
ᠭᠦᠰᠢᠭᠡ ᠳᠠᠢ᠌ᠰᠠ ᠶᠢ ᠣᠷᠠᠯᠠᠨ ᠴᠢᠮᠡᠨ᠎ᠡ᠃
ᠭᠦᠮᠤᠨ ᠪᠠᠢ᠌ᠭᠠᠯᠢ ᠡᠶᠡᠪᠠᠷᠭᠦ ᠵᠤᠭᠢᠴᠠᠯᠳᠤᠵᠤ
ᠬᠠᠮᠳᠦᠷᠡᠯ ᠪᠦᠵᠢᠭ᠌ ᠢ ᠴᠤᠭᠭᠠᠷ ᠲ᠋ᠤᠭᠯᠠᠨᠠ᠂
ᠭᠦᠰᠡᠯᠡᠩᠳᠤ ᠠᠮᠢᠳᠤᠷᠠᠯ ᠤᠢ᠌ᠷᠠᠳᠤᠨ ᠳᠤᠳᠤᠷᠠᠵᠤ
ᠭᠦᠳᠡᠭᠡ ᠨᠤᠳᠤᠭ ᠠᠭᠤᠵᠢᠷᠠᠨ ᠰᠠᠷᠠᠭᠤᠯᠵᠢᠨ᠎ᠠ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ
ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 02 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ