ᠨᠡᠪᠲᠡᠷᠡᠨ ᠤᠷᠤᠬᠤ
ᠪᠢᠳᠠ ᠡ᠊ᠨᠳᠡ ᠡᠴᠡ ᠡᠭᠢᠯᠡᠵᠤ ᠬᠤᠯᠠ ᠨᠢᠰᠤᠨ᠎ᠠ

ᠡᠵᠢ ᠶᠢᠨ ᠳᠤᠯᠠᠭᠠᠨ ᠡᠪᠦᠷ ᠡᠴᠡ ᠰᠠᠯᠵᠤ

ᠡᠷᠳᠡᠮ ᠤᠨ ᠦᠯᠦᠭᠡᠢ ᠳᠤ ᠪᠦᠦᠪᠠᠢ᠌ᠯᠡᠭ᠍ᠳᠡᠭᠦ ᠪᠠᠷ ᠢᠷᠠᠯ᠎ᠠ

ᠡᠴᠢᠭᠡ ᠶᠢᠨ ᠨᠠᠠᠳᠢᠨ ᠵᠠᠭᠢᠶ᠎ᠠ ᠶᠢ ᠡᠪᠦᠷᠯᠡᠵᠤ

ᠡᠷᠳᠡᠨᠢ ᠶᠢᠨ ᠲᠦᠯᠭᠢᠭᠦᠷ ᠠᠳᠬᠤᠬᠤ ᠪᠠᠷ ᠢᠷᠠᠯ᠎ᠠ

ᠰᠤᠶᠤᠯ ᠤᠨ ᠳᠠᠯᠠᠢ ᠳᠤ ᠳᠤᠷᠠᠪᠠᠷ ᠱᠤᠩᠪᠠᠵᠤ

ᠡᠷᠳᠡᠨᠢ ᠱᠥᠭᠦᠵᠤ ᠶᠠᠭᠠᠷᠠᠨ᠎ᠠ ᠪᠢᠳᠠ

ᠰᠤᠳᠤᠷ ᠤᠨ ᠠᠭᠤᠯᠠᠨ ᠳᠤ ᠵᠤᠷᠢᠭᠳᠠᠢ ᠠᠪᠠᠷᠢᠵᠤ

ᠮᠡᠳᠡᠯᠭᠡ ᠳᠡᠭᠦᠵᠤ ᠣᠷᠤᠯᠳᠤᠨ᠎ᠠ ᠪᠢᠳᠠ

ᠡᠷᠳᠡᠮᠳᠤ ᠪᠠᠭᠰᠠᠢ ᠶᠢᠨ ᠮᠢᠨᠢ ᠵᠠᠭᠢᠭᠰᠠᠨ ᠰᠤᠷᠭᠠᠯ

ᠡᠷᠢᠭᠡᠳ ᠣᠯᠬᠤ ᠦᠭᠡᠶ ᠠᠯᠳᠠ

ᠡᠨᠡᠷᠢᠯᠳᠤ ᠪᠠᠭᠰᠢ ᠶᠢᠨ ᠮᠢᠨᠢ ᠵᠢᠭᠠᠭᠰᠠᠨ ᠮᠡᠳᠡᠯᠭᠡ

ᠡᠪᠦᠷᠯᠡᠭᠡᠳ ᠪᠠᠷᠠᠬᠤ ᠦᠭᠡᠶ ᠱᠥᠭᠦᠮᠡᠭ᠌

ᠪᠣᠰᠤᠭ᠎ᠠ ᠥᠰᠦᠭ᠌ ᠶᠢᠡᠨ ᠳᠡᠭᠡᠳᠦᠯᠡᠵᠤ ᠪᠢ

ᠪᠣᠯᠪᠠᠰᠤᠨ ᠮᠤᠷᠠᠯ ᠲᠡᠶ ᠭᠦᠮᠦᠵᠢᠭ᠍ᠳᠡᠨ᠎ᠡ

ᠪᠣᠯᠳᠤ ᠣᠯᠠᠨ ᠳᠠᠭᠠᠨ ᠳᠠᠭᠠᠯᠠᠭᠳᠠᠵᠤ

ᠪᠣᠯᠪᠠᠷᠠᠢ ᠨᠠᠰᠤ ᠪᠠᠨ ᠳᠠᠪᠳᠠᠨ᠎ᠠ

ᠭᠡᠯᠡ ᠪᠦᠭᠦᠨ ᠶᠢᠡᠷ ᠵᠢᠷᠭᠢᠵᠤ ᠪᠢᠳᠠ

ᠡ᠊ᠨᠳᠡ ᠡᠴᠡ ᠡᠭᠢᠯᠡᠵᠤ ᠬᠤᠯᠠ ᠨᠢᠰᠤᠨ᠎ᠠ

ᠭᠢᠯᠢ ᠪᠣᠯᠭᠠᠨ ᠶᠢᠡᠷ ᠳᠤᠭᠤᠷᠢᠬᠤ ᠪᠠᠷ ᠪᠢᠳᠠ

ᠡ᠊ᠨᠳᠡ ᠡᠴᠡ ᠡᠭᠢᠯᠡᠵᠤ ᠬᠤᠯᠠ ᠨᠢᠰᠤᠨ᠎ᠠ

ᠦᠳᠦ ᠰᠦᠳᠤ ᠪᠠᠨ ᠪᠦᠷᠢᠳᠦᠭᠦᠯᠵᠤ ᠪᠢᠳᠠ

ᠡ᠊ᠨᠳᠡ ᠡᠴᠡ ᠡᠭᠢᠯᠡᠵᠤ ᠬᠤᠯᠠ ᠨᠢᠰᠤᠨ᠎ᠠ

ᠡᠭᠡ ᠨᠤᠳᠤᠭ ᠤᠨ ᠶᠢᠡᠨ ᠳᠤᠷᠭᠠᠨ ᠭᠦᠷᠦᠰᠤᠨ ᠳᠤ

ᠡᠷᠭᠢᠨ ᠢᠷᠠᠵᠤ ᠦᠨᠳᠦᠰᠦ ᠬᠠᠳᠬᠤᠨ᠎ᠠ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ