ᠨᠡᠪᠲᠡᠷᠡᠨ ᠤᠷᠤᠬᠤ
ᠯᠤᠷᠵᠤᠤ ᠥᠭᠡ

ᠳᠠᠩᠭ᠋ᠠᠷᠢᠭ ᠠᠯᠳᠠᠪᠠᠯ ᠳᠠᠮᠤ ᠶᠢᠨ ᠢᠷᠤᠭᠠᠷ ᠲᠤ ᠣᠨᠠᠨ᠎ᠠ᠃


ᠠᠮᠠᠨ ᠪᠠᠯᠭᠡ ᠬᠠᠮᠢᠭᠠᠰᠢ ᠪᠠᠨ ᠪᠣᠯ

ᠠᠰᠢᠳᠠ ᠶᠢᠨ ᠪᠠᠯᠭᠡ ᠳᠠᠢ᠌ᠰᠢ ᠪᠠᠨ


ᠭᠦᠤ ᠪᠠᠨ ᠭᠡᠪᠠᠯ ᠪᠠᠷᠢ ᠪᠠᠨ

ᠭᠡᠦᠭᠡᠨ ᠶᠢᠠᠨ ᠭᠡᠪᠠᠯ ᠭᠦᠷᠭᠡᠨ ᠵᠢᠠᠨ


ᠠᠪᠣ ᠶᠢᠨ ᠳᠡᠷᠭᠡᠳᠡ ᠭᠦᠤ ᠰᠠᠭᠤᠳᠠᠯ ᠦᠭᠡᠶ

ᠠᠬ᠎ᠠ ᠶᠢᠨ ᠳᠡᠷᠭᠡᠳᠡ ᠪᠠᠷᠭᠡᠨ ᠰᠠᠭᠤᠳᠠᠯ ᠥᠭᠡᠢ


ᠨᠠᠷᠠ ᠭᠦᠷᠢᠶᠡᠯᠡᠪᠠᠯ ᠨᠠᠳᠠ ᠰᠠᠢ᠌ᠨ

ᠰᠠᠷᠠ ᠭᠦᠷᠢᠶᠡᠯᠡᠪᠠᠯ ᠰᠠᠢ᠌ᠳ ᠲᠤ ᠰᠠᠢ᠌ᠨ


ᠥᠭᠡ ᠣᠯᠠᠳᠠᠵᠤ ᠥᠭᠡᠷ ᠬᠤᠯᠠᠳᠬᠤ


ᠮᠠᠭᠤ ᠥᠭᠡ ᠮᠤᠳᠤᠨ ᠣᠯᠠᠭ᠎ᠠ ᠲᠡᠶ

ᠰᠠᠢ᠌ᠨ ᠥᠭᠡ ᠰᠠᠭᠠᠤᠨ ᠣᠯᠠᠨ ᠳᠠᠢ


ᠨᠤᠬᠠᠢ ᠰᠠᠢ᠌ᠠᠳᠤ ᠶᠢᠨ ᠬᠤᠳᠠ ᠪᠠᠷᠳᠠᠮ

ᠨᠤᠶᠠᠨ ᠰᠠᠢ᠌ᠠᠳᠤ ᠶᠢᠨ ᠠᠯᠪᠠᠳᠤ ᠪᠠᠷᠳᠠᠮ


ᠵᠥᠭ᠌ ᠤᠨ ᠮᠠᠭᠤ ᠵᠡᠭᠦᠨ ᠬᠣᠢ᠌ᠨ᠎ᠠ

ᠵᠢᠰᠤᠮ ᠤᠨ ᠮᠠᠭᠤ ᠵᠡᠭᠡᠷᠳᠡ ᠬᠠᠯᠵᠠᠨ


ᠨᠢᠭᠡᠨ ᠭᠦᠮᠤᠨ ᠤ ᠣᠬᠠᠭᠠᠨ ᠵᠠᠷᠤᠭᠠᠤᠨ ᠭᠦᠷᠭᠦ ᠦᠭᠡᠶ

ᠬᠤᠶᠠᠷ ᠭᠦᠮᠤᠨ ᠤ ᠣᠬᠠᠭᠠᠨ ᠵᠠᠷᠤᠭᠠᠤᠨ ᠪᠠᠷᠠᠬᠤ ᠥᠭᠡᠢ


ᠡᠯᠵᠢᠭᠡ ᠰᠢᠭ᠌ ᠵᠦᠷᠢᠭᠦᠤᠨ ᠵᠠᠷᠠᠭ᠎ᠠ ᠰᠢᠭ ᠭᠡᠷᠡᠭᠦᠯᠴᠢ


ᠠᠪᠠ ᠳᠤ ᠨᠤᠬᠠᠢ ᠭᠡᠷᠡᠭ᠍ᠳᠡᠢ

ᠠᠳᠤᠭᠤᠨ ᠳᠤ ᠣᠷᠭ᠎ᠠ ᠭᠡᠷᠡᠭ᠍ᠳᠡᠢ


ᠮᠠᠯ ᠡᠵᠡᠨ ᠶᠢᠡᠨ ᠳᠠᠭᠤᠷᠢᠶᠠᠨ᠎ᠠ

ᠮᠠᠯᠭᠠᠢ ᠳᠤᠯᠤᠭᠠᠢ ᠪᠠᠨ ᠳᠠᠭᠤᠷᠢᠶᠠᠨ᠎ᠠ


ᠢᠮᠠᠭᠠᠨ ᠰᠡᠭᠦᠯ ᠮᠢᠩᠭ᠎ᠠ ᠭᠦᠳᠡᠯᠦᠭ᠍ᠰᠡᠨ ᠡᠴᠠ

ᠬᠤᠨᠢᠨ ᠰᠡᠭᠦᠯ ᠨᠢᠭᠡ ᠭᠦᠳᠡᠯᠦᠭ᠍ᠰᠡᠨ ᠳᠡᠭᠡᠷ᠎ᠡ


ᠥᠭᠡᠷ ᠰᠢᠭ᠌ ᠰᠡᠵᠢᠯᠡᠭᠡᠳ ᠪᠠᠢ᠌ᠬᠤ ᠡᠴᠠ

ᠬᠤᠨᠢ ᠰᠢᠭ ᠬᠤᠯᠪᠣᠭᠠᠯᠠᠭᠠᠤᠨ ᠪᠠᠢ


ᠨᠤᠬᠠᠢ ᠵᠢᠰᠤᠷ ᠦᠭᠡᠶ

ᠨᠤᠶᠠᠨ ᠨᠢᠭᠤᠷ ᠥᠭᠡᠢ


ᠠᠪᠣ ᠶᠢᠨ ᠪᠣᠢ ᠳᠤ ᠭᠦᠮᠤᠨ ᠲᠡᠶ

ᠠᠭᠳᠠ ᠶᠢᠨ ᠪᠣᠢ ᠳᠤ ᠭᠠᠵᠠᠷ ᠳᠠᠢ


ᠠᠭᠤᠯᠠ ᠣᠰᠤᠨ ᠤ ᠤᠢ᠌ᠷ᠎ᠡ ᠨᠢ ᠳᠡᠭᠡᠷ᠎ᠡ

ᠣᠷᠤᠭ ᠰᠠᠳᠤᠨ ᠤ ᠬᠤᠯᠠ ᠨᠢ ᠳᠡᠭᠡᠷ᠎ᠡ


ᠰᠠᠢ᠌ᠨ ᠭᠦᠮᠤᠨ ᠨᠢᠭᠡ ᠯᠠ ᠥᠭᠡᠨ ᠳᠤ

ᠰᠠᠢ᠌ᠨ ᠮᠤᠷᠢ ᠨᠢᠭᠡ ᠯᠠ ᠳᠠᠰᠢᠭᠤᠷ ᠲᠤ


ᠦᠷᠢ ᠦᠭᠡᠶ ᠪᠠᠶᠠᠨ

ᠡᠪᠡᠳᠴᠢᠨ ᠦᠭᠡᠶ ᠵᠢᠷᠭᠠᠯ


ᠭᠠᠷ ᠨᠢᠵᠦᠭᠦᠨ

ᠭᠠᠠᠵᠤᠭ᠎ᠠ ᠬᠤᠭᠤᠰᠤᠨ


ᠭᠠᠭᠴᠠ ᠮᠤᠳᠤ ᠭᠠᠯ ᠪᠣᠯᠳᠠᠭ ᠦᠭᠡᠶ

ᠭᠠᠭᠴᠠ ᠭᠦᠮᠤᠨ ᠠᠢ᠌ᠯ ᠪᠣᠯᠳᠠᠭ ᠥᠭᠡᠢ


ᠣᠷᠤᠭᠰᠠᠨ ᠪᠣᠷᠤᠭ᠎ᠠ ᠠᠷᠢᠯᠵᠤ

ᠢᠷᠡᠭ᠍ᠰᠡᠨ ᠭᠡᠢ᠌ᠴᠢᠳ ᠪᠣᠴᠠᠳᠠᠭ


ᠵᠢᠷᠤᠭ᠎ᠠ ᠨᠢ ᠵᠢᠷᠤᠭ᠎ᠠ ᠪᠠᠨ

ᠣᠷᠤᠭ᠎ᠠ ᠨᠢ ᠣᠷᠤᠭ᠎ᠠ ᠪᠠᠨ


ᠴᠢᠨ᠋ᠸ᠎ᠠ ᠲᠡᠶ ᠨᠤᠳᠤᠭ ᠪᠠᠶᠠᠨ

ᠴᠢᠯᠠᠭᠤ ᠲᠡᠶ ᠣᠰᠤ ᠳᠤᠩᠭ᠋ᠠᠯᠠᠭ


ᠮᠤᠭᠠᠢ ᠬᠤᠤᠷ ᠲᠠᠭᠠᠨ ᠰᠢᠷᠠᠯᠠᠨ᠎ᠠ


ᠰᠦᠷᠦᠭ᠌ ᠡᠴᠠ ᠪᠠᠨ ᠰᠠᠯᠤᠭᠰᠠᠨ ᠮᠠᠯ ᠰᠥᠢᠦᠡᠭᠦ ᠡᠨᠡᠦᠭᠡᠨ

ᠰᠥᠵᠢᠭ᠌ ᠡᠴᠠ ᠪᠠᠨ ᠰᠠᠯᠤᠭᠰᠠᠨ ᠭᠦᠮᠤᠨ ᠪᠦᠷᠳᠦᠭᠦ ᠡᠨᠡᠦᠭᠡᠨ


ᠢᠰᠢᠭᠡᠨ ᠮᠢᠬ᠎ᠠ ᠬᠠᠯᠠᠭᠤᠨ ᠳᠤ ᠪᠠᠨ

ᠡᠷ᠎ᠡ ᠭᠦᠮᠤᠨ ᠵᠠᠯᠠᠭᠤ ᠳ᠋ᠠᠭᠠᠨ


ᠶᠠᠭᠠᠷᠠᠭᠰᠠᠨ ᠭᠦᠮᠤᠨ ᠢᠮᠠᠭ᠎ᠠ ᠳᠡᠵᠢᠭᠡ


ᠰᠥ᠋ ᠬᠠᠢ᠌ᠷ᠎ᠠ ᠳᠤ ᠢᠪᠠᠯᠤᠨ᠎ᠠ

ᠠᠭᠤᠷ ᠬᠠᠢ᠌ᠷ᠎ᠠ ᠳᠤ ᠬᠠᠢ᠌ᠯᠤᠨ᠎ᠠ


ᠭᠦᠤ ᠲᠡᠶ ᠭᠦᠮᠤᠨ ᠨᠤᠶᠠᠨ

ᠭᠡᠭᠦᠤ ᠲᠡᠶ ᠠᠢ᠌ᠯ ᠪᠠᠶᠠᠨ


ᠨᠢᠭᠡ ᠥᠭᠡᠷ ᠤᠨ ᠡᠪᠠᠷ ᠢ ᠴᠤᠭᠢᠪᠠᠯ

ᠮᠢᠩᠭ᠋ᠠᠨ ᠥᠭᠡᠷ ᠤᠨ ᠡᠪᠠᠷ ᠱᠠᠷᠭᠢᠷᠠᠨ᠎ᠠ


ᠠᠯᠳᠠ ᠪᠠᠶ᠎ᠠ ᠳᠤ ᠠᠮᠠ ᠭᠡᠷᠡᠴᠢ

ᠠᠳᠤᠭᠤ ᠮᠠᠯ ᠳᠤ ᠳᠠᠮᠠᠭ᠎ᠠ ᠭᠡᠷᠡᠴᠢ


ᠠᠶᠠᠭᠠᠨ ᠤ ᠬᠠᠷᠢᠭᠤ ᠡᠳᠦᠷ ᠲᠡᠭᠡᠨ

ᠠᠭᠳᠠ ᠶᠢᠨ ᠬᠠᠷᠢᠭᠤ ᠵᠢᠯ ᠳᠡᠭᠡᠨ


ᠭᠦᠴᠤ ᠪᠠᠷ ᠮᠢᠩᠭ᠋ᠠᠨ ᠵᠢᠩ

ᠡᠷᠳᠡᠮ ᠶᠢᠡᠷ ᠲᠦᠮᠡᠨ ᠵᠢᠩ


ᠵᠠᠮᠠᠭᠲᠤ ᠣᠰᠤᠨ ᠳᠤ ᠵᠢᠭᠠᠰᠤ ᠣᠯᠠᠨ

ᠵᠠᠩ ᠰᠠᠢ᠌ᠠᠳᠠᠢ ᠭᠦᠮᠤᠨ ᠳᠤ ᠨᠥᠭᠦᠷ ᠣᠯᠠᠨ


ᠮᠠᠯ ᠪᠠᠯᠴᠢᠭᠡᠷ ᠶᠢᠡᠨ ᠡᠷᠭᠢᠳᠡᠭ᠌

ᠭᠦᠮᠤᠨ ᠨᠤᠳᠤᠭ ᠶᠢᠡᠨ ᠰᠠᠨᠠᠳᠠᠭ


ᠠᠵᠢᠯ ᠰᠠᠢ᠌ᠠᠳᠠᠢ ᠠᠢ᠌ᠯ ᠤᠨ ᠭᠡᠷ ᠨᠢ ᠣᠠᠳᠤᠤ

ᠠᠷᠠᠴᠢᠯᠭ᠎ᠠ ᠰᠠᠢ᠌ᠠᠳᠠᠢ ᠮᠠᠯ ᠤᠨ ᠥᠩᠭᠡ ᠨᠢ ᠣᠠᠳᠤᠤ


ᠱᠤᠭᠰᠢᠬᠤ ᠡᠴᠠ ᠥᠭᠡᠷ᠎ᠡ ᠶᠠᠪᠣᠳᠠᠯ ᠦᠭᠡᠶ

ᠰᠤᠭᠳᠤᠬᠤ ᠡᠴᠠ ᠥᠭᠡᠷ᠎ᠡ ᠢᠳᠠ ᠦᠭᠡᠶ


ᠡᠵᠢ ᠭᠦᠷᠭᠡᠯᠳᠡ ᠳᠤ

ᠠᠪᠣ ᠡᠷᠭᠢᠯᠳᠡ ᠳ᠋ᠤ


ᠰᠠᠢ᠌ᠨ ᠣᠨᠤᠭ᠎ᠠ ᠨᠢ ᠰᠠᠭᠠᠷᠠᠯ ᠡᠯᠵᠢᠭᠡ

ᠰᠠᠢ᠌ᠨ ᠪᠣᠳᠠᠭ᠎ᠠ ᠨᠢ ᠰᠠᠭᠠᠭ ᠤᠨ ᠭᠤᠯᠢᠷ


ᠨᠤᠬᠠᠢ ᠶᠢᠨ ᠭᠡᠳᠡᠰᠤᠨ ᠳᠤ ᠰᠢᠷ᠎ᠠ ᠳᠤᠰᠤ ᠵᠤᠭᠢᠷᠠᠬᠤ ᠥᠭᠡᠢ


ᠮᠠᠯ ᠠᠪᠬᠤ ᠭᠦᠮᠤᠨ ᠰᠢᠳᠤ ᠶᠢ ᠨᠢ ᠥᠵᠡᠳᠡᠭ᠌

ᠮᠤᠳᠤ ᠣᠭᠳᠤᠯᠠᠬᠤ ᠭᠦᠮᠤᠨ ᠵᠢᠷᠤᠭᠠᠰᠤ ᠶᠢ ᠨᠢ ᠥᠵᠡᠳᠡᠭ᠌


ᠰᠠᠢ᠌ᠨ ᠨᠤᠳᠤᠭ ᠲᠤ ᠭᠦᠮᠤᠨ ᠵᠢᠷᠭᠠᠨ᠎ᠠ

ᠰᠠᠢ᠌ᠬᠠᠨ ᠪᠠᠯᠴᠢᠭᠡᠷ ᠲᠤ ᠮᠠᠯ ᠳᠠᠷᠤᠭᠤᠯᠤᠨ᠎ᠠ


ᠳᠠᠨᠢᠬᠤ ᠨᠠᠭᠠᠴᠤ ᠶᠢᠨ ᠳᠠᠯᠤ ᠵᠢᠭᠡ ᠶᠢᠨ ᠰᠥᠪᠠᠭᠡ


ᠬᠤᠤᠷ ᠢ ᠬᠤᠤᠷ ᠶᠢᠡᠷ

ᠬᠤᠵᠤᠤᠯ᠎ᠠ ᠶᠢ ᠰᠥᠭᠡ ᠪᠠᠷ


ᠠᠳᠤᠭᠠᠨ ᠤ ᠠᠯᠠᠭ ᠰᠠᠢ᠌ᠬᠠᠨ

ᠠᠬ᠎ᠠ ᠳᠡᠭᠦᠤ ᠶᠢᠨ ᠠᠯᠠᠭ ᠮᠠᠭᠤᠬᠠᠢ


ᠭᠦᠯᠦᠭ᠌ ᠬᠤᠷᠳᠤᠨ ᠴᠤ ᠵᠠᠮ ᠲᠡᠶ ᠰᠠᠢ᠌ᠨ

ᠭᠦᠷᠦᠩᠭᠡ ᠠᠷᠪᠢᠨ ᠴᠤ ᠳᠢᠭ᠍ᠯᠢᠮ ᠲᠡᠶ ᠰᠠᠢ᠌ᠨ


ᠴᠤᠪᠣᠵᠤ ᠶᠠᠪᠣᠭᠰᠠᠨ ᠪᠠᠷᠰ ᠡᠴᠠ ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ


ᠴᠠᠢ ᠴᠤ ᠦᠭᠡᠶ ᠴᠢᠷᠠᠢ ᠴᠤ ᠥᠭᠡᠢ


ᠣᠳᠤᠭ᠎ᠠ ᠲᠡᠶ ᠭᠡᠷ ᠳᠤᠯᠠᠭᠠᠨ

ᠣᠩᠭ᠋ᠠᠰᠤ ᠲᠡᠶ ᠠᠢ᠌ᠯ ᠪᠠᠶᠠᠨ


ᠰᠦᠨ ᠳᠤ ᠨᠢ ᠬᠤᠷᠤᠭᠤ ᠳᠦᠷᠦᠭᠦ ᠦᠭᠡᠶ

ᠰᠦᠷᠦᠭ᠌ ᠲᠤ ᠨᠢ ᠣᠷᠭ᠎ᠠ ᠳᠦᠷᠦᠭᠦ ᠥᠭᠡᠢ


ᠪᠠᠷᠢ ᠣᠴᠢᠭᠰᠠᠨ ᠭᠠᠵᠠᠷ ᠶᠢᠡᠨ

ᠴᠢᠯᠠᠭᠤ ᠰᠢᠳᠠᠭᠰᠠᠨ ᠭᠠᠵᠠᠷ ᠵᠢᠠᠨ


ᠬᠠᠳᠠᠭ ᠳᠠᠯᠪᠢᠪᠠᠯ ᠬᠠᠳᠠᠭᠠᠰᠤ

ᠥᠭᠡ ᠭᠡᠯᠡᠪᠠᠯ ᠥᠭᠡᠳᠡᠰᠤ


ᠬᠤᠯᠠ ᠭᠠᠵᠠᠷ ᠢ ᠤᠢ᠌ᠷᠠᠳᠤᠭᠤᠯᠠᠳᠠᠭ ᠮᠤᠷᠢ ᠡᠷᠳᠡᠨᠢ

ᠬᠤᠶᠠᠷ ᠠᠢ᠌ᠯ ᠢ ᠤᠢ᠌ᠷᠠᠳᠤᠭᠤᠯᠠᠳᠠᠭ ᠭᠡᠦᠭᠡᠨ ᠡᠷᠳᠡᠨᠢ


ᠰᠠᠢ᠌ᠨ ᠡᠭᠡᠨᠡᠷ ᠭᠡᠷ ᠤᠨ ᠴᠢᠮᠡᠭ᠌

ᠰᠠᠢ᠌ᠨ ᠡᠮ᠎ᠡ ᠨᠥᠭᠦᠷ ᠤᠨ ᠴᠢᠮᠡᠭ᠌


ᠠᠪᠠᠯᠢ ᠶᠢᠨ ᠠᠮᠠᠨ ᠬᠠᠳᠠᠭᠤ

ᠠᠭᠳᠠ ᠮᠤᠷᠢᠨ ᠤ ᠴᠢᠳᠤᠷ ᠪᠦᠭᠡ


ᠭᠦᠷᠭᠡᠨ ᠭᠦᠮᠤᠨ ᠭᠦᠴᠤ ᠲᠡᠶ

ᠭᠦᠵᠦᠭᠦᠨ ᠤ ᠮᠢᠬ᠎ᠠ ᠠᠮᠳᠠᠳᠠᠢ


ᠬᠠᠷᠠᠬᠤ ᠶᠢᠨ ᠮᠠᠭᠤ ᠭᠢᠯᠣᠢ᠌ᠬᠤ

ᠰᠠᠭᠤᠬᠤ ᠶᠢᠨ ᠮᠠᠭᠤ ᠣᠴᠣᠢ᠌ᠬᠤ


ᠪᠣᠯᠤᠭᠰᠠᠨ ᠡᠴᠠ ᠠᠮᠠ ᠭᠦᠷ

ᠪᠣᠭᠤᠷᠠᠯ ᠡᠴᠠ ᠥᠭᠡ ᠰᠤᠨᠤᠰ


ᠠᠭᠠᠴᠤ ᠡᠴᠠ ᠪᠠᠨ ᠠᠪᠣᠪᠠᠯ ᠨᠠᠷᠠ ᠭᠠᠷᠤᠨ᠎ᠠ

ᠵᠢᠭᠡ ᠡᠴᠠ ᠪᠠᠨ ᠠᠪᠣᠪᠠᠯ ᠵᠢᠪᠠᠷᠠᠨ᠎ᠠ


ᠮᠤᠩᠭ᠋ᠤᠯ ᠭᠦᠮᠤᠨ ᠪᠠᠯᠭᠡ ᠪᠠᠷ

ᠮᠠᠢ᠌ᠮᠠᠢ᠌ᠴᠢᠨ ᠭᠦᠮᠤᠨ ᠪᠠᠨ᠎ᠠ ᠪᠠᠷ


ᠵᠤᠳᠤᠬᠤ ᠶᠢᠨ ᠮᠠᠭᠤ ᠴᠢᠮᠭᠢᠯᠭᠡ

ᠶᠠᠷᠢᠬᠤ ᠶᠢᠨ ᠮᠠᠭᠤ ᠰᠢᠪᠠᠨᠡᠯᠭᠡ


ᠰᠢᠪᠢᠭᠦᠷ ᠶᠢᠡᠨ ᠪᠠᠷᠢᠪᠠᠯ ᠮᠠᠯ ᠶᠢᠡᠨ ᠭᠦᠭᠡᠭᠡᠭᠦ

ᠱᠥᠭᠦᠷ ᠶᠢᠡᠨ ᠪᠠᠷᠢᠪᠠᠯ ᠵᠤᠴᠢᠨ ᠶᠢᠡᠨ ᠭᠦᠭᠡᠭᠡᠭᠦ



ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ ᠡᠮᠭᠢᠦᠡᠭᠡᠨ ᠴᠤᠭᠯᠠᠭᠤᠯᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 14663
ᠴᠠᠭ᠄ 2011 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ