ᠨᠡᠪᠲᠡᠷᠡᠨ ᠤᠷᠤᠬᠤ
ᠪᠠᠶᠠᠷᠳᠠᠢ

ᠰᠡᠳᠭᠢᠯ ᠤᠨ ᠵᠢᠯᠤᠭᠤ ᠵᠠᠳᠠᠭᠠᠢ᠌ᠷᠠᠨᠠᠮ

ᠰᠠᠢ᠌ᠬᠠᠨ ᠤ ᠲᠦᠯᠦᠭᠡ ᠳᠦᠭᠡᠷᠢᠨᠡᠮ

ᠭᠤᠸ᠎ᠠ ᠰᠠᠢ᠌ᠬᠠᠨ ᠣᠯᠠᠨ ᠴᠤ ᠭᠡᠯ᠎ᠡ

ᠭᠤᠶᠤ ᠮᠡᠭᠡᠯᠡᠯ ᠰᠠᠢ᠌ᠬᠠᠨ ᠴᠤ ᠭᠡᠯ᠎ᠡ

ᠰᠢᠯᠦᠭ᠌ ᠤᠨ ᠣᠷᠮ᠎ᠠ ᠳᠤᠷᠭᠢᠨ᠎ᠠ ᠴᠤ ᠭᠡᠯ᠎ᠡ

ᠰᠡᠮᠭᠡᠨ ᠭᠤᠨᠢᠭ ᠳᠠᠭᠠᠯᠴᠠᠨ᠎ᠠ ᠴᠤ ᠭᠡᠯ᠎ᠡ

ᠭᠡᠢ᠌ᠷᠭᠡᠯ ᠤᠨ ᠳᠦᠷᠦᠭᠡᠨ ᠳᠤ ᠭᠦᠯ ᠠᠯᠳᠠᠭᠤᠷᠠᠨᠠᠮ

ᠭᠡᠵᠢᠶ᠎ᠠ ᠴᠤ ᠨᠠᠳᠠ ᠳᠤ ᠪᠢᠰᠢ ᠬᠠᠢ᠌ᠷ᠎ᠠ ᠳᠤ ᠰᠤᠭᠳᠤᠭᠤᠷᠠᠨᠠᠮ᠃

ᠣᠵᠤᠭᠤᠷ ᠡᠷᠳᠡᠨ ᠤ ᠠᠷᠠᠤᠨ ᠤᠨ ᠳᠠᠭᠤᠤ ᠮᠠᠳᠤ

ᠣᠶᠠᠨ ᠳᠠᠩᠭᠢᠯ ᠠᠭᠠᠰᠢ ᠴᠢᠨᠢ

ᠣᠷᠮᠠᠰᠢᠭᠤᠯᠵᠤ ᠵᠡᠭᠦᠳᠦᠯᠡᠭᠦᠯᠵᠤ ᠴᠢᠳᠠᠭᠰᠠᠨ

ᠣᠷᠠᠨ ᠮᠤᠩᠭ᠋ᠤᠯ ᠵᠢᠰᠤ ᠴᠢᠨᠢ

ᠦᠨᠦᠰᠤᠶ᠎ᠠ ᠭᠡᠰᠡᠨ ᠣᠷᠤᠭᠤᠯ ᠴᠢᠨᠢ

ᠦᠭ‍ᠭᠦᠶ᠎ᠡ ᠭᠡᠰᠡᠨ ᠵᠢᠷᠦᠭᠡ ᠴᠢᠨᠢ

ᠦᠨᠦᠴᠢᠨ ᠰᠡᠳᠭᠢᠯ ᠢ ᠮᠢᠨᠢ ᠣᠷᠭᠢᠭᠠᠤᠨ

ᠥᠭᠡᠷ᠎ᠡ ᠵᠥᠭ᠌ ᠲᠤ ᠶᠠᠪᠣᠵᠠᠢ

ᠦᠨᠡᠠᠴᠢ ᠥᠯᠡᠳᠡᠭ᠍ᠰᠡᠨ ᠪᠢ

ᠥᠯᠡᠭᠦᠤ ᠳᠤᠭᠳᠤᠯᠠᠭᠰᠠᠨ ᠶᠢᠡᠨ ᠮᠠᠳᠠᠵᠠᠢ᠂

ᠬᠠᠯᠳᠠᠷ ᠰᠢᠯᠦᠭ᠌ ᠡᠴᠡ ᠥᠭᠡᠷ᠎ᠡ

ᠬᠠᠨᠢ ᠥᠯᠡᠳᠡᠭᠡᠭ᠍ᠰᠡᠨ ᠥᠭᠡᠢ

ᠬᠠᠷᠢᠨ ᠴᠢᠮ᠎ᠠ ᠳᠤ ᠪᠢᠴᠢᠭ᠍ᠰᠡᠨ ᠰᠢᠯᠦᠭ᠌ ᠵᠢᠠᠨ

ᠦᠪᠡᠷ ᠶᠢᠡᠨ ᠪᠢ ᠣᠩᠰᠢᠨᠠᠮ

ᠬᠠᠢ᠌ᠷ᠎ᠠ ᠭᠡᠳᠡᠭ᠌ ᠬᠠᠭᠤᠷᠮᠠᠴᠢ ᠭᠡᠵᠤ

ᠢᠳᠡᠭᠡᠵᠤ ᠴᠢᠳᠠᠬᠤ ᠦᠭᠡᠶ ᠯᠠ ᠪᠠᠢ᠌ᠨ᠎ᠠ ᠪᠢ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ


ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ