☆ ᠭᠠᠯ
ᠭᠠᠵᠠᠷ ᠰᠢᠷᠤᠢ ᠪᠣᠯ ᠁
ᠭᠠᠵᠠᠷ ᠰᠢᠷᠤᠢ ᠪᠣᠯ
ᠭᠠᠳᠠᠭᠰᠢ ᠪᠠᠨ ᠪᠣᠤ ᠣᠷᠤᠰᠬᠠ ᠭᠡᠰᠡᠨ
ᠭᠠᠯᠪᠠ ᠳᠡᠯᠡᠭᠡᠢ᠃
ᠭᠠᠳᠠ ᠮᠠᠢ᠌ᠷᠠᠨ ᠪᠣᠯ
ᠭᠠᠷ ᠡᠴᠡ ᠪᠠᠨ ᠪᠣᠤ ᠠᠯᠳᠠ ᠭᠡᠰᠡᠨ
ᠭᠠᠩ ᠰᠠᠯᠠᠮ᠎ᠠ᠃
ᠭᠠᠷ ᠲᠠᠭᠠᠨ ᠵᠡᠪᠰᠡᠭ᠌ ᠦᠭᠡᠶ ᠭᠡᠵᠤ
ᠭᠠᠳᠠ ᠮᠠᠢ᠌ᠷᠠᠨ ᠶᠢᠡᠨ ᠪᠣᠤ ᠳᠠᠭᠤᠯᠠ ︕
ᠭᠠᠳᠠᠨ᠎ᠠ ᠪᠠᠨ ᠭᠦᠯᠦᠭ᠌ ᠦᠭᠡᠶ ᠴᠤ
ᠭᠠᠵᠠᠷ ᠰᠢᠷᠤᠢ ᠡᠴᠡ ᠪᠠᠨ ᠪᠣᠤ ᠬᠤᠯᠠᠳᠠ ︕
ᠦᠪᠣᠷ ᠮᠤᠩᠭ᠋ᠤᠯ ᠪᠣᠯ ᠦᠨᠦᠴᠢᠨ ᠭᠠᠯᠠᠭᠤ
ᠥᠭᠡᠷ ᠳᠡᠷᠭᠡ ᠰᠢᠭ ᠶᠠᠪᠠᠭᠠᠨ ᠭᠠᠯᠠᠭᠤ᠃
ᠥᠭᠡᠳᠡ ᠭᠡᠢ᠌ᠮᠦᠷᠢ ᠨᠢ ᠥᠭᠡ ᠭᠡᠯᠡ ᠶᠤᠮ
ᠦᠪᠡᠷ ᠪᠣᠰᠤᠳ ᠨᠢ ᠭᠦᠭᠡ ᠬᠤᠳᠠ ᠶᠤᠮ
ᠦᠨᠳᠦᠰᠦ ᠣᠭᠰᠠᠭᠠᠳᠠᠨ ᠨᠢ ᠦᠨᠡᠨ ᠵᠢᠭᠦᠷ ᠶᠤᠮ
ᠥᠰᠦᠭ᠌ ᠪᠢᠴᠢᠭ᠌ ᠨᠢ ᠳᠠᠯᠠᠨ ᠬᠠᠷ᠎ᠠ ᠶᠤᠮ
ᠥᠵᠡᠭᠦ ᠳᠤ ᠡᠭᠦᠯᠡ ᠰᠢᠭ᠌ ᠣᠳᠠᠭᠠᠨ ᠨᠡᠭᠦᠳᠡᠯ ᠨᠢ
ᠥᠨᠡᠨᠳᠡᠭᠡᠨ ᠦᠶᠡᠷ ᠤᠨ ᠣᠰᠤ ᠰᠢᠭ ᠳᠦᠷᠭᠡᠨ ᠣᠷᠤᠰᠬᠠᠯ ᠶᠤᠮ᠃
ᠭᠠᠳᠠ ᠮᠠᠢ᠌ᠷᠠᠨ ᠊᠊᠊᠊᠊᠊᠊᠊᠊᠊᠊᠊᠊᠊᠊ ᠭᠠᠵᠠᠷ ᠰᠢᠷᠤᠢ
ᠭᠠᠯ ᠶᠢᠡᠨ ᠳᠠᠭᠢᠭᠰᠠᠨ ᠳᠠᠩᠭ᠋ᠠᠷᠢᠭ ᠪᠣᠯ ᠭᠠᠵᠠᠷ ᠰᠢᠷᠤᠢ᠂
ᠭᠠᠷ ᠶᠢᠡᠨ ᠬᠤᠯᠪᠣᠭᠰᠠᠨ ᠠᠮᠠᠯᠠᠯ ᠪᠣᠯ ᠭᠠᠳᠠ ᠮᠠᠢ᠌ᠷᠠᠨ᠃
ᠭᠠᠵᠠᠷ ᠰᠢᠷᠤᠢ ᠶᠢᠨ ᠭᠦᠡᠳᠦᠴᠡ ᠪᠠᠷ ᠭᠠᠳᠠ ᠮᠠᠢ᠌ᠷᠠᠨ ᠪᠣᠰᠤᠨ᠎ᠠ
ᠭᠠᠳᠠ ᠮᠠᠢ᠌ᠷᠠᠨ ᠤ ᠦᠨᠳᠦᠷᠴᠠ ᠪᠠᠷ ᠭᠠᠵᠠᠷ ᠰᠢᠷᠤᠢ ᠦᠰᠦᠨ᠎ᠠ᠃
ᠭᠠᠵᠠᠷ ᠰᠢᠷᠤᠢ ᠪᠢᠳᠠ ᠪᠣᠯ
ᠭᠠᠷ ᠲᠠᠭᠠᠨ ᠳᠠᠯᠠᠢ᠌ᠭᠰᠠᠨ
ᠭᠠᠩ ᠶᠤᠮ ᠢᠷ ᠶᠤᠮ
ᠭᠠᠳᠠᠭᠰᠢ ᠪᠠᠨ ᠳᠦᠷᠡᠯᠵᠡᠭ᠍ᠰᠡᠨ ᠳᠤᠭ ᠲᠡᠶ ᠪᠠᠨ
ᠭᠠᠯ ᠶᠤᠮ ᠭᠢᠯᠢᠩ ᠶᠤᠮ
ᠭᠠᠭᠴᠠᠭᠠᠷ ᠪᠦᠵᠢᠭ᠍ᠰᠡᠨ ᠳᠦᠳᠡᠭ᠌ ᠲᠡᠶ ᠪᠠᠨ
ᠭᠠᠩᠭ᠋ᠠᠩ ᠬᠠᠷ᠎ᠠ ᠶᠢᠨ ᠳᠠᠭᠤᠤ ᠶᠤᠮ
ᠭᠠᠵᠠᠷ ᠶᠢᠡᠨ ᠳᠤᠪᠴᠢᠯᠠᠭᠰᠠᠨ ᠵᠡᠭᠦᠳᠤ ᠲᠡᠶ ᠪᠠᠨ
ᠭᠠᠯ ᠨᠢᠯᠪᠣᠰᠤ ᠨᠤᠭᠤᠠᠵᠠᠶᠠᠭ᠎ᠠ ᠶᠤᠮ᠃
ᠭᠠᠯ ᠲᠡᠶ ᠭᠡᠯᠡ ᠪᠢᠳᠠ ᠪᠣᠯ
ᠭᠠᠵᠠᠷ ᠣᠰᠤᠨ ᠤ ᠪᠠᠨ ᠣᠮᠤᠭ ᠶᠤᠮ
ᠳᠠᠯ ᠪᠣᠰᠤᠭ᠎ᠠ ᠳᠢᠭ᠌ ᠲᠡᠶ ᠪᠠᠨ
ᠳᠡᠯᠡᠭᠡᠢ ᠴᠢᠩᠭᠢᠰ ᠤᠨ ᠮᠤᠩᠭ᠋ᠤᠯ ᠶᠤᠮ᠃
ᠭᠠᠵᠠᠷ ᠰᠢᠷᠤᠢ ᠪᠣᠯ
ᠭᠠᠳᠠᠭᠰᠢ ᠪᠠᠨ ᠪᠣᠤ ᠣᠷᠤᠰᠬᠠ ᠭᠡᠰᠡᠨ
ᠭᠠᠯᠪᠠ ᠳᠡᠯᠡᠭᠡᠢ᠃
ᠭᠠᠳᠠ ᠮᠠᠢ᠌ᠷᠠᠨ ᠪᠣᠯ
ᠭᠠᠷ ᠡᠴᠡ ᠪᠠᠨ ᠪᠢᠳᠡᠭᠡᠢ ᠠᠯᠳᠠ ᠭᠡᠰᠡᠨ
ᠭᠠᠩ ᠰᠠᠯᠠᠮ᠎ᠠ ᠶᠤᠮ᠁
ᠵᠤᠭᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ