☆ ᠯ·ᠣᠳᠤᠨ
ᠪᠢ ᠮᠤᠩᠭ᠋ᠤᠯ ᠪᠢᠴᠢᠭ᠌ ᠶᠢᠡᠨ ᠰᠤᠷᠤᠨ᠎ᠠ
ᠪᠢ ᠮᠤᠩᠭ᠋ᠤᠯ ᠪᠢᠴᠢᠭ᠌ ᠶᠢᠡᠨ ᠰᠤᠷᠤᠨ᠎ᠠ
ᠪᠠᠶ᠎ᠠ ᠲᠡᠶ ᠮᠢᠨᠢ ᠠᠳᠠᠯᠢ ᠵᠤᠭᠰᠤᠭ᠎ᠠ
ᠮᠤᠩᠭ᠋ᠤᠯ ᠪᠢᠴᠢᠭ᠌ ᠶᠢᠡᠨ ᠰᠤᠷᠤᠨ᠎ᠠ
ᠪᠢᠷ ᠲᠡᠶ ᠨᠢ ᠮᠢᠨᠢ ᠠᠳᠠᠯᠢ ᠪᠤᠰᠤᠭ᠎ᠠ
ᠮᠥᠩᠭᠡ ᠰᠤᠶᠤᠯ ᠶᠢᠡᠨ ᠰᠤᠷᠤᠨ᠎ᠠ
ᠣᠩᠰᠢᠭᠠᠤᠨ ᠰᠠᠭᠤᠬᠤ ᠳᠤ ᠣᠶᠤᠨ ᠨᠡᠭᠡᠭᠡᠭ᠍ᠳᠡᠭᠦ
ᠪᠢᠯᠢᠭ᠌ ᠤᠨ ᠣᠳᠤ ᠲᠡᠶ ᠮᠤᠩᠭ᠋ᠤᠯ ᠪᠢᠴᠢᠭ᠌ ᠶᠢᠡᠨ ᠰᠤᠷᠤᠨ᠎ᠠ
ᠣᠶᠠᠩᠭ᠋ᠠᠯᠠᠭᠠᠤᠨ ᠢᠷᠡᠭᠦ ᠳᠤ ᠰᠡᠳᠭᠢᠯ ᠳᠤᠭᠳᠤᠯᠬᠤ
ᠨᠠᠢ᠌ᠷᠠᠭ ᠤᠨ ᠭᠠᠯ ᠲᠡᠶ ᠮᠤᠩᠭ᠋ᠤᠯ ᠪᠢᠴᠢᠭ᠌ ᠶᠢᠡᠨ ᠰᠤᠷᠤᠨ᠎ᠠ
ᠪᠢ ᠮᠤᠩᠭ᠋ᠤᠯ ᠪᠢᠴᠢᠭ᠌ ᠶᠢᠡᠨ ᠰᠤᠷᠤᠨ᠎ᠠ
ᠭᠢᠷᠦᠭᠡᠨ ᠢᠷ ᠰᠢᠭ ᠠᠴᠤᠭ ᠢ ᠨᠢ ᠪᠢᠯᠡᠭᠦᠳᠡᠵᠤ
ᠮᠤᠩᠭ᠋ᠤᠯ ᠪᠢᠴᠢᠭ᠌ ᠶᠢᠡᠨ ᠰᠤᠷᠤᠨ᠎ᠠ
ᠭᠦᠯ ᠪᠤᠰᠤᠭ᠎ᠠ ᠰᠦᠷ ᠲᠤ ᠨᠢ ᠰᠥᠭᠦᠳᠴᠤ
ᠮᠤᠩᠭ᠋ᠤᠯ ᠪᠢᠴᠢᠭ᠌ ᠶᠢᠡᠨ ᠰᠤᠷᠤᠨ᠎ᠠ
ᠡᠵᠢ ᠶᠢᠨ ᠪᠦᠦᠪᠠᠢ ᠶᠢ ᠰᠠᠨᠠᠭᠳᠠᠭᠤᠯᠳᠠᠭ
ᠡᠭᠡᠰᠢᠭ᠌ ᠲᠤ ᠨᠢ ᠣᠶᠠᠷᠠᠵᠤ ᠰᠤᠷᠤᠨ᠎ᠠ
ᠡᠷ᠎ᠡ ᠭᠦᠰᠡᠯ ᠢ ᠴᠢᠩᠭ᠋ᠠᠯᠠᠳᠠᠭ
ᠡᠭ᠍ᠴᠡ ᠵᠤᠭᠰᠤᠭ᠎ᠠ ᠳᠦᠷᠢ ᠶᠢ ᠰᠢᠳᠤᠵᠤ ᠰᠤᠷᠤᠨ᠎ᠠ
ᠪᠢ ᠮᠤᠩᠭ᠋ᠤᠯ ᠪᠢᠴᠢᠭ᠌ ᠶᠢᠡᠨ ᠰᠤᠷᠤᠨ᠎ᠠ
ᠮᠤᠩᠭ᠋ᠤᠯ ᠶᠢᠡᠷ ᠰᠤᠷᠤᠭᠠᠤᠨ ᠥᠭᠡᠳᠡᠯᠡᠭᠦ ᠦᠭᠡᠶ ᠭᠡᠰᠡᠨ
ᠮᠤᠩᠬᠠᠭ ᠶᠠᠷᠢᠶᠠᠨ ᠤ ᠪᠤᠷᠦᠭᠤ ᠶᠢ ᠭᠡᠷᠡᠴᠢᠯᠡᠨ ᠰᠤᠷᠤᠨ᠎ᠠ
ᠮᠤᠷᠢ ᠪᠠᠨ ᠭᠡᠭᠡᠪᠠᠴᠤ ᠭᠡᠯᠡ ᠪᠠᠨ ᠭᠡᠭᠡᠭᠦ ᠦᠭᠡᠶ ᠭᠡᠰᠡᠨ
ᠮᠥᠩᠭᠡ ᠰᠠᠨᠠᠭᠠᠨ ᠤ ᠵᠤᠷᠢᠭ ᠲᠤ ᠰᠢᠳᠠᠨ ᠰᠤᠷᠤᠨ᠎ᠠ
ᠭᠡᠯᠡ ᠪᠠᠨ ᠭᠤᠯᠤᠭᠰᠠᠨ ᠭᠡᠴᠡᠭᠦᠤ ᠭᠦᠮᠦᠰ ᠤᠨ
ᠠᠷᠭ᠎ᠠ ᠶᠢ ᠪᠠᠷᠠᠭᠤᠯᠤᠨ ᠰᠤᠷᠤᠨ᠎ᠠ
ᠭᠡᠯᠡ ᠦᠭᠡᠶ ᠬᠤᠴᠤᠷᠤᠭᠰᠠᠨ ᠰᠠᠭᠠᠷᠮᠠᠭ ᠭᠦᠮᠦᠰ ᠤᠨ
ᠠᠳᠠᠭ᠎ᠠ ᠶᠢ ᠭᠦᠷᠭᠡᠨ ᠰᠤᠷᠤᠨ᠎ᠠ
ᠪᠢ ᠮᠤᠩᠭ᠋ᠤᠯ ᠪᠢᠴᠢᠭ᠌ ᠶᠢᠡᠨ ᠰᠤᠷᠤᠨ᠎ᠠ
ᠮᠥᠩᠭᠡ ᠳᠡᠭ᠍ᠷᠢ ᠶᠢᠨ ᠰᠢᠳᠦᠭᠡᠡᠳᠤ
ᠪᠤᠰᠤᠭ᠎ᠠ ᠥᠰᠦᠭ᠌ ᠶᠢᠡᠨ ᠰᠤᠷᠤᠨ᠎ᠠ
ᠮᠤᠷᠠᠯ ᠶᠤᠰᠤᠨ ᠤ ᠨᠢᠭᠤᠴᠠᠳᠤ
ᠪᠤᠯᠪᠠᠰᠤᠨ ᠰᠤᠶᠤᠯ ᠶᠢᠡᠨ ᠰᠤᠷᠤᠨ᠎ᠠ
ᠡᠨᠡ ᠭᠡᠯᠡ ᠪᠠᠨ ᠰᠤᠷᠪᠠᠯ ᠡᠪᠳᠡᠷᠡᠭᠦ ᠦᠭᠡᠶ ᠭᠡᠳᠡᠭ᠌ ᠢ
ᠳᠠᠨᠢᠭᠤᠯᠤᠨ ᠪᠠᠢ᠌ᠵᠤ ᠰᠤᠷᠤᠨ᠎ᠠ
ᠡᠨᠡ ᠭᠡᠯᠡ ᠪᠠᠨ ᠠᠯᠳᠠᠪᠠᠯ ᠡᠪᠯᠡᠷᠡᠭᠦ ᠦᠭᠡᠶ ᠭᠡᠳᠡᠭ᠌ ᠢ
ᠣᠬᠠᠭᠠᠷᠠᠭᠤᠯᠤᠨ ᠪᠠᠢ᠌ᠵᠤ ᠰᠤᠷᠤᠨ᠎ᠠ
ᠰᠠᠢ᠌ᠬᠠᠨ ᠪᠦᠭᠦᠨ ᠢ ᠮᠠᠳᠠᠷᠠᠨ ᠪᠠᠢ᠌ᠵᠤ ᠰᠤᠷᠤᠨ᠎ᠠ
ᠰᠠᠭᠠᠤᠨ ᠪᠦᠭᠦᠨ ᠢ ᠢᠯᠠᠨ ᠪᠠᠢ᠌ᠵᠤ ᠰᠤᠷᠤᠨ᠎ᠠ
ᠰᠠᠨᠠᠭᠠᠨ ᠤ ᠊ᠭ᠍ᠬᠢᠷ ᠶᠢᠡᠨ ᠣᠭᠢᠶᠠᠵᠤ ᠪᠠᠢ᠌ᠭᠠᠤᠨ ᠰᠤᠷᠤᠨ᠎ᠠ
ᠰᠠᠷ᠎ᠠ ᠲᠡᠶ ᠳᠠᠯ᠎ᠠ ᠪᠠᠨ ᠳᠠᠭᠤᠯᠠᠵᠤ ᠪᠠᠢ᠌ᠭᠠᠤᠨ ᠰᠤᠷᠤᠨ᠎ᠠ
ᠪᠢ ᠮᠤᠩᠭ᠋ᠤᠯ ᠪᠢᠴᠢᠭ᠌ ᠶᠢᠡᠨ ᠯᠠ ᠰᠤᠷᠤᠨ᠎ᠠ
ᠯ·ᠣᠳᠤᠨ ᠤ ᠳᠠᠨᠢᠭᠤᠯᠴᠠᠯᠭᠠ
(ᠯ·ᠣᠳᠤᠨ ᠤ ᠥᠭᠡ) ᠨᠠᠷᠠ ᠳᠤ ᠭᠠᠷᠬᠤ᠂ ᠪᠠᠶ᠎ᠠ ᠪᠠᠨ ᠮᠠᠭᠳᠠᠭᠤᠯᠬᠤ᠂ ᠮᠥᠩᠭᠦ ᠣᠯᠬᠤ ᠭᠡᠵᠤ ᠪᠢ ᠵᠤᠬᠢᠶᠠᠯ ᠪᠢᠴᠢᠳᠡᠭ᠌ ᠦᠭᠡᠶ᠃ ᠬᠠᠷᠢᠨ ᠳᠡᠭᠡᠷᠡᠮ᠎ᠡ ᠶᠢᠨ ᠴᠢᠯᠠᠭᠤ ᠰᠢᠭ ᠡᠳᠦᠷ ᠡᠴᠡ ᠡᠳᠦᠷ ᠡᠯᠡᠭ᠍ᠳᠡᠨ ᠨᠢᠮᠭᠡᠷᠡᠵᠤ ᠪᠠᠢ᠌ᠭ᠎ᠠ ᠡᠭᠡ ᠭᠡᠯᠡᠨ ᠤ ᠪᠠᠨ ᠭᠦᠭᠡ ᠳᠡᠭ᠍ᠷᠢ ᠳᠤ ᠡᠷ᠎ᠡ ᠭᠦᠮᠤᠨ ᠰᠢᠭ᠌ ᠳᠤᠷ᠎ᠠ ᠪᠠᠷ ᠶᠢᠡᠨ ᠳᠠᠭᠤᠯᠠᠵᠤ᠂ ᠣᠭᠢᠯᠠᠵᠤ᠂ ᠬᠠᠰᠭᠢᠷᠬᠤ ᠭᠡᠵᠤ ᠡᠭᠡ ᠭᠡᠯᠡᠨ ᠤ ᠪᠠᠨ ᠴᠢᠯᠠᠭᠤᠨ ᠨᠥᠳᠦᠭᠦᠷ ᠲᠤ ᠥᠭᠡ ᠱᠥᠭᠦᠵᠤ ᠥᠯᠢᠭᠡᠷ ᠨᠥᠳᠦᠳᠡᠭ᠌ ᠶᠤᠮ᠃
ᠯ·ᠣᠳᠤᠨ ᠰᠢᠷᠠᠭᠴᠢᠨ ᠳᠠᠭᠢᠶ᠎ᠠ ᠵᠢᠯ ᠲᠡᠶ᠃ 1969 ᠣᠨ ᠤ 10 ᠰᠠᠷ᠎ᠠ ᠶᠢᠨ 25 ᠊ᠤ ᠡᠳᠦᠷ ᠬᠦᠬᠡᠨᠠᠭᠤᠷ ᠮᠤᠵᠢ ᠶᠢᠨ ᠬᠠᠢ᠌ᠰᠢ ᠵᠸᠤ ᠶᠢᠨ ᠣᠯᠠᠭᠠᠨ ᠰᠢᠶᠠᠨ ᠤ ᠰᠡᠷᠭᠡ ᠰᠤᠮᠤᠨ ᠤ ᠪᠦᠯᠡᠩᠭᠡᠷ ᠳᠤᠰᠬᠤᠨ ᠤ ᠰᠤᠯᠢ ᠶᠢᠨ ᠭᠤᠤᠯ ᠭᠡᠮᠡᠭᠦ ᠭᠠᠵᠠᠷ ᠲᠦᠷᠦᠪᠠ᠃ ᠶᠢᠰᠤᠨ ᠨᠠᠰᠤᠨ ᠡᠴᠡ ᠪᠠᠨ ᠡᠭᠢᠯᠡᠨ ᠰᠤᠷᠭᠠᠭᠤᠯᠢ ᠰᠤᠶᠤᠯ ᠤᠨ ᠮᠦᠷ ᠭᠦᠭᠡᠭᠡᠵᠤ ᠶᠠᠪᠣᠭᠠᠤᠨ ᠠᠵᠢᠯ ᠳᠤ ᠭᠠᠷᠴᠤ᠂ ᠣᠳᠤ ᠪᠠᠭᠰᠢ ᠶᠢᠨ ᠠᠯᠪᠠ ᠬᠠᠭᠠᠵᠤ ᠪᠠᠢ᠌ᠨ᠎ᠠ᠃ ᠳᠡᠭᠡᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠶᠢᠨ ᠰᠤᠶᠤᠯ ᠲᠡᠶ᠃
ᠳᠠᠷᠠ ᠳᠤᠬᠠᠢ᠌ᠯᠠᠭᠰᠠᠨ ᠠᠵᠢᠯ ᠳᠠᠭᠠᠨ ᠨᠠᠷᠢᠨ ᠬᠠᠷᠢᠭᠤᠴᠠᠯᠭ᠎ᠠ ᠲᠡᠶ ᠰᠠᠢ᠌ᠨ ᠪᠠᠭᠰᠢ ᠪᠣᠯᠬᠤ ᠪᠠᠷ ᠪᠠᠷᠠᠬᠤ ᠦᠭᠡᠶ ᠠᠷᠠᠤᠨ ᠣᠯᠠᠨ᠂ ᠳᠡᠭᠡᠳᠤ ᠮᠤᠩᠭ᠋ᠤᠯ ᠴᠢᠨᠠᠭᠰᠢᠯᠠᠪᠠᠯ ᠦᠪᠣᠷ ᠮᠤᠩᠭ᠋ᠤᠯ᠂ ᠰᠢᠠᠵᠢᠶᠠᠩ ᠳᠤ ᠭᠦᠷᠳᠡᠯ᠎ᠡ ᠳᠠᠨᠢᠭᠳᠠᠨ ᠮᠡᠳᠡᠷᠡᠭ᠍ᠳᠡᠭ᠍ᠰᠡᠨ ᠢᠷᠠᠭᠤ ᠨᠠᠢ᠌ᠷᠠᠭᠴᠢ᠂ ᠳᠤᠭᠤᠵᠢᠰ ᠤᠨ ᠵᠤᠬᠢᠶᠠᠯᠴᠢ᠂ ᠣᠤᠠᠬ᠎ᠠ ᠵᠤᠬᠢᠶᠠᠯ ᠤᠨ ᠰᠢᠭᠦᠮᠵᠢᠯᠡᠭ᠍ᠴᠢ ᠶᠠᠪᠣᠭ᠎ᠠ ᠭᠦᠮᠤᠨ᠃ ᠯ·ᠣᠳᠤᠨ ᠪᠠᠭᠰᠢ ᠶᠢᠨ ᠰᠤᠷᠭᠠᠭᠤᠯᠢ ᠳᠤ ᠪᠠᠢ᠌ᠬᠤ ᠴᠠᠭ ᠡᠴᠡ ᠪᠠᠨ ᠡᠭᠢᠯᠡᠨ ᠵᠤᠬᠢᠶᠠᠯ ᠪᠦᠳᠦᠭᠡᠯ ᠣᠷᠤᠯᠳᠤᠵᠤ ᠣᠳᠤ ᠪᠣᠯᠬᠤ ᠳᠤ ᠦᠪᠣᠷ ᠮᠤᠩᠭ᠋ᠤᠯ ᠤᠨ 《ᠦᠨᠢᠷ ᠴᠡᠴᠡᠭ᠌》᠂ 《ᠠᠯᠳᠠᠨ ᠳᠦᠯᠭᠢᠭᠦᠷ》᠂ 《ᠬᠤᠨ ᠭᠠᠯᠠᠭᠤ》᠂ 《ᠠᠯᠳᠠᠨ ᠭᠠᠠᠳᠠᠷᠢ》᠂ 《ᠠᠯᠠᠱᠠ ᠣᠷᠠᠨ ᠵᠤᠬᠢᠶᠠᠯ》᠂ 《ᠰᠢᠷ᠎ᠠ ᠮᠦᠷᠠᠨ》᠂ ᠰᠢᠠᠵᠢᠶᠠᠩ ᠤᠨ 《ᠦᠷ ᠤᠨ ᠴᠤᠯᠮᠤᠨ》᠂ 《ᠪᠠᠶᠠᠠᠭᠤᠤᠯ》᠂ ᠳᠡᠭᠡᠳᠤ ᠮᠤᠩᠭ᠋ᠤᠯ ᠤᠨ 《ᠴᠡᠴᠡᠭ᠍ᠳᠤ ᠴᠠᠢ᠌ᠳᠠᠮ》᠂ 《ᠴᠠᠢ᠌ᠳᠠᠮ ᠤᠨ ᠰᠤᠨᠢᠨ》 (ᠭᠢᠳᠠᠤᠨ ᠮᠤᠩᠭ᠋ᠤᠯ ᠭᠡᠪᠯᠡᠯ)᠂ 《ᠦᠪᠣᠷ ᠮᠤᠩᠭ᠋ᠤᠯ ᠤᠨ ᠡᠳᠦᠷ ᠤᠨ ᠰᠤᠨᠢᠨ》᠂ 《ᠣᠷᠳᠤᠰ ᠤᠨ ᠡᠳᠦᠷ ᠤᠨ ᠰᠤᠨᠢᠨ》 ᠵᠡᠷᠭᠡ ᠣᠯᠤᠰ᠂ ᠣᠷᠤᠨ᠂ ᠮᠤᠵᠢ᠂ ᠵᠸᠤ ᠶᠢᠨ ᠳᠠᠰ ᠤᠨ ᠡᠯ᠎ᠡ ᠰᠤᠨᠢᠨ ᠰᠡᠳᠭᠦᠯ ᠳᠡᠭᠡᠷ᠎ᠡ 400 ᠣᠷᠴᠢᠮ ᠢᠷᠠᠭᠤ ᠨᠠᠢ᠌ᠷᠠᠭ᠂ ᠥᠭᠦᠯᠯᠡᠭᠡ ᠳᠤᠭᠤᠵᠢᠰ᠂ ᠷᠤᠮᠠᠨ᠂ ᠨᠠᠢ᠌ᠷᠠᠭᠤᠯᠤᠯ᠂ ᠠᠶᠠᠨ ᠤ ᠳᠡᠮᠳᠡᠭᠯᠡᠯ᠂ ᠴᠢᠯᠦᠭᠡᠳᠤ ᠪᠢᠴᠢᠯᠭᠡ᠂ ᠣᠨᠤᠯ ᠰᠢᠭᠦᠮᠵᠢ᠂ ᠮᠡᠳᠡᠭᠡ ᠴᠢᠮᠡᠭᠡᠯᠡᠯ᠂ ᠳᠠᠭᠤᠤ ᠶᠢᠨ ᠥᠭᠡ ᠪᠠᠨ ᠢᠯᠠ ᠨᠡᠢ᠌ᠳᠡᠯᠡᠭᠦᠯᠵᠡᠢ᠃ 2004 ᠣᠨ ᠤ 11 ᠰᠠᠷ᠎ᠠ ᠳᠤ 《ᠨᠢᠳᠤᠨ ᠨᠠᠭᠤᠷ ᠤᠨ ᠳᠤᠯᠭᠢᠶᠠᠨ》 ᠭᠡᠮᠡᠭᠦ ᠥᠭᠦᠯᠯᠡᠭᠡ ᠨᠠᠢ᠌ᠷᠠᠭᠤᠯᠤᠯ ᠤᠨ ᠳᠡᠭᠦᠪᠦᠷᠢ ᠪᠠᠨ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠤᠨ ᠳᠠᠷᠬᠠᠭᠠᠪᠠ᠃ ᠪᠠᠰᠠ 2008 ᠣᠨ ᠤ 7 ᠰᠠᠷ᠎ᠠ ᠳᠤ ᠳᠡᠭᠡᠳᠤ ᠮᠤᠩᠭ᠋ᠤᠯ ᠤᠨ ᠣᠷᠠᠨ ᠵᠤᠬᠢᠶᠠᠯ ᠳᠤ ᠣᠢ᠌ᠭᠤᠷᠵᠢᠨ ᠮᠤᠩᠭ᠋ᠤᠯ ᠥᠰᠦᠭ᠌ ᠶᠢᠡᠷ ᠪᠢᠴᠢᠭ᠍ᠳᠡᠭ᠍ᠰᠡᠨ ᠷᠤᠮᠠᠨ ᠦᠭᠡᠶ ᠪᠠᠢ᠌ᠭᠰᠠᠨ ᠬᠤᠭᠤᠰᠤᠨ ᠣᠷᠤ ᠶᠢ ᠨᠥᠭᠦᠨ 《ᠵᠠᠶᠠᠭᠠᠨ ᠤ ᠳᠡᠭ᠍ᠷᠢ》 ᠭᠡᠮᠡᠭᠦ ᠣᠤᠭᠠᠨ ᠷᠤᠮᠠᠨ ᠶᠢᠡᠨ ᠪᠢᠴᠢᠨ ᠳᠡᠭᠦᠰᠭᠡᠵᠤ᠂ ᠰᠡᠳᠭᠦᠯ ᠳᠤ ᠦᠭᠭᠦᠭ᠍ᠰᠡᠨ ᠮᠥᠷᠳᠡᠭᠡᠨ 《ᠴᠠᠢ᠌ᠳᠠᠮ ᠤᠨ ᠰᠤᠨᠢᠨ》᠂ 《ᠦᠨᠳᠦᠰᠦ》᠂ 《ᠦᠪᠣᠷ ᠮᠤᠩᠭ᠋ᠤᠯ ᠤᠨ ᠵᠠᠯᠠᠭᠤᠴᠤᠳ》 ᠵᠡᠷᠭᠡ ᠰᠤᠨᠢᠨ ᠰᠡᠳᠭᠦᠯ᠂ ᠳᠤᠤᠷ ᠰᠦᠯᠵᠢᠶᠠᠨ ᠳᠡᠭᠡᠷ᠎ᠡ ᠮᠡᠳᠡᠭᠡᠯᠡᠭ᠍ᠳᠡᠭ᠍ᠰᠡᠨ ᠪᠠᠢ᠌ᠨ᠎ᠠ᠃ ᠳᠠᠷᠠ ᠤᠷᠢᠳ ᠬᠤᠵᠢᠳ ᠣᠯᠤᠰ᠂ ᠮᠤᠵᠢ ᠣᠷᠤᠨ᠂ ᠵᠸᠤ ᠶᠢᠨ ᠳᠠᠰ ᠤᠨ ᠣᠷᠠᠨ ᠵᠤᠬᠢᠶᠠᠯ ᠤᠨ ᠱᠠᠩᠨᠠᠯ ᠢ ᠳᠠᠪᠣ ᠣᠳᠠᠭ᠎ᠠ ᠳᠤᠰᠴᠤ᠂ ᠡᠭᠡ ᠭᠡᠯᠡᠨ ᠤ ᠪᠠᠨ ᠠᠷᠢᠭᠤᠨ ᠰᠦ᠋ ᠪᠠᠷ ᠡᠩᠭᠡᠷ ᠶᠢᠡᠨ ᠮᠢᠯᠢᠶᠠᠯᠭᠠᠵᠤ ᠶᠠᠪᠣᠵᠠᠢ᠃
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3782
ᠴᠠᠭ᠄ 2009 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ