ᠨᠡᠪᠲᠡᠷᠡᠨ ᠤᠷᠤᠬᠤ
ᠴᠠᠰᠤ ᠡᠴᠠ ᠳᠡᠭᠦᠭ᠍ᠰᠡᠨ ᠪᠣᠳᠤᠯ

ᠴᠠᠰᠤ ᠪᠣᠯ ᠬᠠᠢ᠌ᠷ᠎ᠠ

ᠦᠷ᠎ᠡ ᠶᠢᠨ ᠲᠦᠯᠦᠭᠡ ᠣᠶᠠᠰᠠᠭᠰᠠᠨ

ᠡᠵᠢ ᠵᠢᠨ ᠨᠢᠯᠪᠣᠰᠤ

ᠨᠤᠳᠤᠭ ᠤᠨ ᠲᠦᠯᠦᠭᠡ ᠵᠢᠳᠭᠦᠭ᠍ᠰᠡᠨ

ᠠᠪᠣ ᠶᠢᠨ ᠰᠡᠳᠬᠢᠯ

ᠴᠠᠰᠤ ᠪᠣᠯ ᠰᠢᠯᠦᠭ᠌

ᠣᠩᠭ᠋ᠤᠨ ᠰᠠᠷᠠᠯ ᠡᠴᠡ ᠣᠠᠳᠤᠷᠠᠭᠰᠠᠨ

ᠵᠢᠷᠦᠭᠡᠨ ᠤ ᠴᠤᠭᠢᠯᠭ᠎ᠠ

ᠡᠵᠡᠨ ᠳᠡᠭ᠍ᠷᠢ ᠡᠴᠡ ᠦᠷᠤᠰᠢᠶᠠᠭᠰᠠᠨ

  ᠪᠣᠳᠤᠯ ᠤᠨ ᠮᠥᠭᠦᠯᠢᠭ᠌ ᠡ     


ᠴᠠᠰᠤ ᠪᠣᠯ ᠴᠢᠨᠠᠷ

ᠦᠷᠤ ᠵᠥᠭᠡᠯᠡᠨ ᠰᠡᠳᠬᠢᠯ ᠳᠠᠢ

ᠦᠨᠡᠠᠴᠢ ᠮᠤᠩᠭ᠋ᠤᠯ ᠵᠠᠩ

ᠴᠠᠰᠤ ᠪᠣᠯ ᠬᠠᠳᠠᠭ

ᠡᠭᠡ ᠳᠡᠯᠡᠭᠡᠢ ᠳᠡᠭᠡᠨ ᠡᠷᠭᠦᠭ᠍ᠰᠡᠨ

ᠡᠨᠡᠷᠢᠯ ᠬᠠᠢ᠌ᠷ᠎ᠠ ᠶᠢᠨ ᠪᠦᠷᠢᠯᠸ᠎ᠡ

ᠴᠠᠰᠤ ᠪᠣᠯ ᠠᠢ᠌ᠷᠠᠭ

ᠴᠠᠭᠠᠨ ᠢᠳᠡᠭᠡᠨ ᠤ ᠳᠡᠭᠡᠵᠢ

ᠡᠷᠡᠭᠦᠯ ᠡᠩᠬᠡ ᠶᠢᠨ ᠷᠠᠰᠢᠶᠠᠨ

ᠴᠠᠰᠤ ᠪᠣᠯ ᠣᠰᠤ

ᠠᠮᠢᠨ ᠬᠠᠢ᠌ᠷ᠎ᠠ ᠶᠢᠨ ᠰᠢᠳᠦᠭᠡᠨ

ᠠᠮᠢᠵᠢᠷᠠᠯ ᠤᠨ ᠨᠤᠭᠤᠭᠠᠨ ᠵᠡᠭᠦᠳᠤ ᠡ


ᠴᠠᠰᠤ ᠪᠣᠯ ᠵᠠᠮ

ᠠᠮᠢᠳᠤᠷᠠᠯ ᠤᠨ ᠨᠤᠭᠤᠭᠠᠨ ᠬᠠᠷᠭᠤᠢ

ᠠᠯᠤᠰ ᠢ ᠵᠤᠷᠢᠭᠰᠠᠨ ᠭᠦᠰᠡᠯ

ᠴᠠᠰᠤ ᠪᠣᠯ ᠭᠠᠯ

ᠴᠠᠭ ᠡᠷᠡᠨ ᠤ ᠳᠠᠭᠤᠯᠠᠯ

ᠴᠠᠢ᠌ᠯᠭᠠᠨ ᠰᠠᠨᠠᠭᠠᠨ ᠤ ᠰᠢᠳᠦᠭᠡᠨ

ᠴᠠᠰᠤ ᠪᠣᠯ ᠰᠠᠷᠠᠮᠵᠢ

ᠪᠣᠷᠤᠭᠤ ᠭᠡᠷᠡᠭ᠌ ᠤᠨ ᠬᠤᠩᠬᠤ

ᠪᠦᠳᠦᠷᠦᠭ᠍ᠰᠡᠨ ᠵᠠᠮ ᠤᠨ ᠳᠤᠭᠢᠶ᠎ᠠ

ᠴᠠᠰᠤ ᠪᠣᠯ ᠬᠤᠴᠢᠯᠭ᠎ᠠ

ᠠᠮᠢᠯᠠᠯ ᠤᠨ ᠳᠤᠯᠠᠭᠠᠨ ᠭᠦᠡᠵᠢᠯᠡ

ᠣᠷᠭᠤᠮᠠᠯ ᠤᠨ ᠠᠮᠢᠨ ᠰᠠᠭᠢᠶ᠎ᠠ ᠡ


ᠴᠠᠰᠤ ᠪᠣᠯ ᠡᠷ᠎ᠡ ᠴᠡᠷᠢᠭ᠌

ᠡᠭᠡ ᠤᠷᠤᠨ ᠭᠡᠳᠡᠭ᠌ ᠭᠠᠭᠴᠠᠬᠠᠨ ᠰᠡᠳᠭᠢᠯ

ᠦᠪᠡᠷ ᠢ ᠪᠠᠨ ᠦᠷᠡᠭ᠍ᠳᠡᠭᠦᠯᠳᠡᠭ᠌ ᠬᠠᠳᠠᠭᠤ ᠰᠦᠰᠦ

ᠴᠠᠰᠤ ᠪᠣᠯ ᠪᠣᠷᠬᠠᠨ ᠭᠡᠰᠢᠭ᠌

ᠬᠠᠨ ᠳᠡᠯᠡᠭᠡᠢ ᠶᠢᠨ ᠬᠠᠢ᠌ᠷ᠎ᠠ ᠶᠢᠨ ᠰᠠᠴᠤᠯᠢ

ᠬᠠᠮᠤᠭ ᠠᠮᠢᠳᠠᠨ ᠤ ᠮᠥᠩᠭᠡ ᠭᠦᠰᠡᠯ

ᠴᠠᠰᠤ ᠪᠣᠯ ᠡᠩᠬᠡ ᠶᠢᠨ ᠪᠠᠯᠭᠡᠳᠡᠯ

ᠳᠠᠢ᠌ᠪᠣᠩ ᠳᠡᠯᠡᠭᠡᠢ ᠶᠢᠨ ᠦᠯᠵᠡᠢ ᠳᠠᠮᠪᠠᠷᠢᠯ

ᠳᠡᠭ᠍ᠷᠢ ᠭᠠᠵᠠᠷ ᠤᠨ ᠡᠩᠬᠡ ᠵᠠᠶᠠᠭ᠎ᠠ


ᠴᠠᠰᠤ ᠭᠡᠳᠡᠭ᠌ ᠴᠢᠨᠢ

ᠬᠤᠷᠮᠤᠰᠠᠳᠠᠨ ᠳᠡᠭ᠍ᠷᠢ ᠡᠴᠡ

ᠬᠤᠷᠸ᠎ᠠ ᠳᠤ ᠢᠯᠡᠭᠡᠭ᠍ᠰᠡᠨ

ᠥᠭᠡᠳᠡᠯᠡᠭᠦ ᠠᠮᠢᠳᠤᠷᠠᠯ ᠤᠨ

ᠦᠯᠵᠡᠢ ᠭᠡᠰᠢᠭ᠌ ᠬᠤᠷᠣᠢ᠌ᠯᠠᠭᠰᠠᠨ

ᠡᠪᠦᠭᠡᠳ ᠤᠨ ᠳᠠᠮᠪᠠᠷᠠᠯ ᠲᠡᠶ ᠵᠦᠩᠨᠠᠯ

ᠬᠠᠨᠠᠭᠠᠷ ᠠᠭᠤᠳᠠᠮ ᠳᠠᠯ᠎ᠠ ᠨᠤᠳᠤᠭ ᠳᠤ

ᠬᠠᠯᠠᠭᠤᠨ ᠬᠠᠢ᠌ᠷ᠎ᠠ ᠪᠠᠨ ᠢᠪᠠᠭᠡᠭ᠍ᠰᠡᠨ

ᠬᠠᠪᠣᠷ ᠤᠨ ᠨᠤᠭᠤᠭᠠᠨ ᠳᠠᠭᠤᠯᠠᠯ ᠳᠠᠢ

ᠬᠠᠨ ᠭᠠᠵᠠᠷ ᠤᠨ ᠠᠷᠢᠭᠤᠨ ᠰᠢᠮ᠎ᠠ

ᠬᠠᠢ᠌ᠷ᠎ᠠ ᠪᠠᠷ ᠣᠶᠠᠰᠠᠭᠰᠠᠨ

ᠬᠠᠭᠢᠷ ᠡᠪᠦᠯ ᠤᠨ

ᠭᠦᠰᠡᠯ ᠳᠠᠭᠡᠨ ᠣᠨᠠᠭᠠᠭᠰᠠᠨ

ᠬᠠᠯᠠᠭᠤᠨ ᠨᠢᠯᠪᠣᠰᠤ

ᠬᠤᠩᠭ᠋ᠤᠷ ᠨᠠᠢ᠌ᠵᠢ ᠪᠠᠨ

ᠳᠤᠷᠠᠰᠤᠨ ᠮᠦᠷᠦᠭᠡᠳᠭᠦ ᠳᠤ ᠪᠠᠨ

ᠳᠤᠷᠠᠯᠠᠯ ᠬᠠᠢ᠌ᠷ᠎ᠠ ᠪᠠᠨ

ᠬᠠ‍‌ᠶᠢᠭᠯᠠᠨ ᠪᠢᠴᠢᠭ᠍ᠰᠡᠨ ᠵᠠᠭᠢᠶ᠎ᠠ

ᠰᠥ᠋ ᠰᠢᠭ᠌ ᠠᠷᠢᠭᠤᠨ ᠰᠠᠨᠠᠭ᠎ᠠ ᠪᠠᠨ

ᠵᠣᠢ᠌ᠷᠯᠠᠨ ᠠᠳᠠᠯᠢᠳᠬᠠᠭᠰᠠᠨ

ᠰᠤᠳᠤᠨ ᠪᠠᠢ᠌ᠭᠠᠯᠢ ᠵᠢᠨ

ᠵᠢᠷᠭᠠᠯ ᠳᠡᠯᠯᠡᠭᠰᠡᠨ ᠭᠡᠢ᠌ᠮᠦᠷᠢ ᠡ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ᠂   ᠪᠣᠷᠤᠳᠠᠯ᠎ᠠ

ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2660
ᠴᠠᠭ᠄ 2012 ᠤᠨ ᠤ 02 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ